︽ᠠᠷᠠᠳ ᠦᠨ ᠪᠢᠯᠢᠭ ᠵᠦᠢ ᠵᠢᠨ ᠠᠮᠠᠨ ᠵᠤᠬᠢᠶᠠᠯ︾ ᠤᠨ ᠴᠠᠬᠢᠮ ᠤᠷᠤᠯᠳᠤᠭᠠᠨ ᠪᠣᠯᠤᠨ᠎ᠠ | News.MN

︽ᠠᠷᠠᠳ ᠦᠨ ᠪᠢᠯᠢᠭ ᠵᠦᠢ ᠵᠢᠨ ᠠᠮᠠᠨ ᠵᠤᠬᠢᠶᠠᠯ︾ ᠤᠨ ᠴᠠᠬᠢᠮ ᠤᠷᠤᠯᠳᠤᠭᠠᠨ ᠪᠣᠯᠤᠨ᠎ᠠ

ᠬᠤᠪᠲᠤ ᠠᠢᠢᠮᠠᠭ ᠲᠤ ︽ᠠᠷᠠᠳ ᠦᠨ ᠪᠢᠯᠢᠭ ᠵᠦᠢ ᠵᠢᠨ ᠠᠮᠠᠨ ᠵᠤᠬᠢᠶᠠᠯ︾ ᠤᠨ ᠴᠠᠬᠢᠮ ᠤᠷᠤᠯᠳᠤᠭᠠᠨ ᠪᠣᠯᠤᠨ᠎ᠠ᠃ ᠬᠤᠪᠲᠤ ᠠᠢᠢᠮᠠᠭ ᠲᠤ ᠤᠷᠢᠶᠠᠩᠬᠠᠢ᠂ ᠳᠦᠷᠪᠡᠳ᠂ ᠵᠠᠬᠠᠴᠢᠨ᠂ ᠮᠢᠩᠭᠠᠳ᠂ ᠥᠭᠡᠯᠡᠳ᠂ ᠲᠤᠷᠭᠤᠳ᠂ ᠬᠠᠯᠬ᠎ᠠ᠂ ᠺᠡᠽᠠᠬ ᠵᠡᠷᠭᠡ 13 ᠤᠭᠰᠠᠭᠠᠲᠠᠨ ᠠᠵᠤ ᠲᠥᠷᠦᠵᠦ ᠪᠠᠢᠢᠨ᠎ᠠ᠃ ᠡ‍ᠳᠡᠭᠡᠷ ᠤᠭᠰᠠᠭᠠᠲᠠᠨ ᠪ ᠠᠵᠤ ᠪᠠᠢᠢᠳᠠᠯ᠂ ᠥᠪ ᠤᠯᠠᠮᠵᠢᠯᠠᠯ᠂ ᠬᠡᠯᠡ ᠠᠶᠠᠯᠭᠤ ᠂ ᠰᠤᠶᠤᠯ᠂ ᠶᠤᠰᠣ ᠵᠠᠩᠰᠢᠯ᠂ ᠰᠡᠳᠬᠢᠯᠭᠡ ᠳᠠᠪᠲᠠᠭᠳᠠᠰᠢ ᠦᠭᠡᠢ ᠥᠭᠡᠷ᠎ᠡ ᠥᠩᠭᠡ ᠲᠥᠷᠬᠦ ᠲᠠᠢ᠃ ᠡ‍ᠢᠢᠮᠦ ᠳ᠋ᠦ ᠣᠯᠠᠨ ᠤᠭᠰᠠᠭᠠᠲᠠᠨ ᠪ ᠪᠦᠯᠦᠭ ᠦᠨ ᠬᠡᠯᠡ ᠠᠶᠠᠯᠭᠤ ᠂ ᠠᠮᠠᠨ ᠵᠤᠬᠢᠶᠠᠯ ᠦᠨ ᠲᠥᠷᠦᠯ ᠵᠦᠢᠯ ᠊ᠢ ᠣᠯᠠᠨ ᠨᠡᠢᠢᠲᠡ ᠳ᠋ᠦ ᠰᠤᠷᠲᠠᠯᠴᠢᠯᠠᠬᠤ᠂ ᠲᠦᠭᠡᠭᠡᠨ ᠳᠡᠯᠭᠡᠷᠡᠭᠦᠯᠬᠦ ᠂ ᠭᠤᠴᠣ ᠠᠪᠢᠶᠠᠰᠲᠠᠨ ᠊ᠢ ᠲᠤᠳᠤᠷᠠᠭᠤᠯᠬᠤ ᠂ ᠠᠯᠳᠠᠷᠰᠢᠭᠤᠯᠬᠤ ᠂ ᠰᠤᠶᠤᠯ ᠦᠨ ᠥᠪ ᠦᠨ ᠰᠠᠩ ᠳᠤ ᠬᠠᠳᠠᠭᠠᠯᠠᠨ ᠬᠠᠮᠠᠭᠠᠯᠠᠬᠤ ᠵᠤᠷᠢᠯᠭ᠎ᠠ ᠪᠦᠬᠦᠢ ︽ᠠᠷᠠᠳ ᠦᠨ ᠪᠢᠯᠢᠭ ᠵᠦᠢ ᠵᠢᠨ ᠠᠮᠠᠨ ᠵᠤᠬᠢᠶᠠᠯ︾ ᠤᠨ ᠴᠠᠬᠢᠮ ᠤᠷᠤᠯᠳᠤᠭᠠᠨ ᠵᠤᠬᠢᠶᠠᠨ ᠪᠠᠢᠢᠭᠤᠯᠬᠤ ᠭᠡᠵᠦ ᠪᠠᠢᠢᠨ᠎ᠠ ᠃

ᠤᠷᠤᠯᠳᠤᠭᠠᠨ ᠪ ᠶᠡᠷᠦᠩᠬᠡᠢ ᠵᠤᠬᠢᠶᠠᠨ ᠪᠠᠢᠢᠭᠤᠯᠤᠭᠴᠢ ᠪᠡᠷ ᠬᠤᠪᠲᠤ ᠠᠢᠢᠮᠠᠭ ᠦᠨ ᠢᠷᠭᠡᠳ ᠦᠨ ᠲᠥᠯᠦᠭᠡᠯᠡᠭᠴᠢᠳ ᠦᠨ ᠬᠤᠷᠠᠯ ᠂ ᠪᠣᠯᠪᠠᠰᠤᠷᠠᠯ ᠰᠤᠶᠤᠯ ᠤᠷᠠᠯᠢᠭ ᠦᠨ ᠭᠠᠵᠠᠷ ᠂ ᠭᠡᠷ ᠪᠦᠯᠢ ᠂ ᠬᠡᠦᠬᠡᠳ ᠵᠠᠯᠠᠭᠤᠴᠤᠳ ᠦᠨ ᠬᠥᠭᠵᠢᠯ ᠦᠨ ᠭᠠᠵᠠᠷ ᠂ ᠬᠥᠭᠵᠢᠮᠲᠦ ᠳ᠋ᠷᠠᠮ ᠦᠨ ᠲᠢᠶᠠᠲ᠋ᠷ᠂ ᠨᠤᠮ ᠦᠨ ᠰᠠᠩ᠂ ᠮᠦᠽᠧᠢ ᠂ ᠰᠤᠮᠤᠳ ᠦᠨ ᠰᠤᠶᠤᠯ ᠦᠨ ᠲᠥᠪ ᠬᠠᠮᠲᠤᠷᠠᠨ ᠠᠵᠢᠯᠯᠠᠬᠤ ᠶᠤᠮ᠃ ᠴᠠᠬᠢᠮ ᠤᠷᠤᠯᠳᠤᠭᠠᠨ ᠨᠢ ᠰᠤᠶᠤᠯ ᠦᠨ ᠦᠨᠡᠲᠦ ᠵᠦᠢᠯ ᠊ᠢ ᠪᠤᠢ ᠪᠣᠯᠭᠠᠬᠤ ᠂ ᠰᠤᠷᠲᠠᠯᠴᠢᠯᠠᠨ ᠲᠠᠨᠢᠭᠤᠯᠬᠤ ᠂ ᠬᠦᠷᠲᠡᠬᠦ ᠂ ᠡ‍ᠵᠡᠮᠰᠢᠬᠦ ᠂ ᠬᠠᠳᠠᠭᠠᠯᠠᠨ ᠬᠠᠮᠠᠭᠠᠯᠠᠬᠤ ᠣᠷᠴᠢᠨ ᠨᠥᠬᠥᠴᠡᠯ ᠪᠤᠢ ᠪᠣᠯᠭᠠᠵᠤ᠂ ᠬᠡᠦᠬᠡᠳ᠂ ᠵᠠᠯᠠᠭᠤ ᠦᠶ᠎ᠡ ᠵᠢ ᠣᠶᠤᠨᠯᠢᠭ ᠂ ᠰᠤᠶᠤᠯ ᠤᠯᠠᠮᠵᠢᠯᠠᠯ ᠵᠢᠨᠨ ᠳᠡᠭᠡᠳᠦᠯᠡᠳᠡᠭ ᠢᠷᠭᠡᠨ ᠪᠣᠯᠭᠠᠨ ᠲᠥᠯᠦᠪᠰᠢᠭᠦᠯᠬᠦ ᠳ᠋ᠦ ᠴᠢᠬᠤᠯᠠ ᠠᠴᠢ ᠲᠤᠰᠠᠲᠠᠢ᠃ ᠲᠡᠢᠢᠮᠦ ᠡ‍ᠴᠡ ᠣᠷᠤᠨ ᠨᠤᠲᠤᠭ ᠦᠨ ᠢᠷᠭᠡᠳ ᠂ ᠬᠥᠳᠡᠯᠮᠦᠷᠢᠴᠢᠳ ᠲᠤᠰ ᠤᠷᠤᠯᠳᠤᠭᠠᠨ ᠳᠤ ᠢᠳᠡᠪᠬᠢᠲᠡᠢ ᠣᠷᠤᠯᠴᠠᠬᠤ ᠵᠢ ᠵᠤᠬᠢᠶᠠᠨ ᠪᠠᠢᠢᠭᠤᠯᠤᠭᠴᠢᠳ  ᠤᠷᠢᠶᠠᠯᠠᠪᠠ ᠃ ᠣᠷᠤᠯᠴᠠᠭᠴᠢᠳ ᠤᠭᠰᠠᠭᠠᠲᠠᠨ ᠪ ᠬᠡᠯᠡ ᠂ ᠰᠤᠶᠤᠯ ᠂ ᠶᠤᠰᠣ ᠵᠠᠩᠰᠢᠯ ᠂ ᠠᠮᠢᠳᠤᠷᠠᠯ ᠦᠨ ᠬᠡᠪ  ᠮᠠᠶ᠋ᠢᠭ ᠂ ᠵᠠᠩ ᠦᠢᠯᠡ ᠂ ᠨᠤᠲᠤᠭ ᠦᠨ ᠠᠶᠠᠯᠭ᠎ᠠ ᠂ ᠳᠠᠭᠤᠳᠠᠯᠭ᠎ᠠ ᠵᠢ ᠲᠤᠳᠤᠳᠬᠠᠨ ᠬᠠᠷᠠᠭᠤᠯᠤᠭᠰᠠᠨ ᠬᠠᠷᠢᠯᠴᠠᠨ ᠶᠠᠷᠢᠶ᠎ᠠ ᠂ ᠥᠭᠦᠯᠡᠮᠵᠢ ᠂ ᠠᠷᠠᠳ ᠦᠨ ᠳᠤᠮᠳᠠ ᠲᠦᠭᠡᠭᠰᠡᠨ ᠠᠮᠠᠨ ᠵᠤᠬᠢᠶᠠᠯ ᠂ ᠲᠦᠷᠭᠡᠨ ᠬᠡᠯᠡᠯᠭᠡ ᠂ ᠬᠤᠱᠤᠩ ᠶᠠᠷᠢᠶ᠎ᠠ ᠵᠡᠷᠭᠡ ᠵᠢ ᠵᠤᠬᠢᠶᠠᠮᠵᠢᠯᠠᠨ ᠵᠦᠴᠦᠭᠡᠴᠢᠯᠡᠭᠰᠡᠨ ᠲᠤᠭᠯᠠᠯᠲᠠ ᠬᠢᠬᠦ ᠤᠴᠢᠷᠲᠠᠢ ᠃

ᠰᠡᠳᠬᠢᠭᠳᠡᠯ ᠦᠯᠡᠳᠡᠭᠡᠬᠦ