ᠳᠠᠷᠬᠠᠨ ᠠᠭᠤᠯᠠ ᠠᠢᠢᠮᠠᠭ ᠤᠨ ︽ᠳᠤᠭᠤᠢ ᠲᠠᠢ ᠳᠠᠷᠬᠠᠨ ︾ᠺᠯᠦ᠋ᠪ ᠡᠴᠡ ︽ᠳᠠᠷᠬᠠᠨ – 88︾ᠳᠤᠭᠤᠢ ᠵᠢᠨ ᠤᠷᠤᠯᠳᠤᠭᠠᠨ ᠊ᠢ ᠰᠠᠨᠠᠭᠠᠴᠢᠯᠠᠨ ᠬᠡᠷᠡᠭᠵᠢᠭᠦᠯᠦᠯ᠎ᠡ᠃ ᠳᠤᠭᠤᠢ ᠪᠠᠷ ᠲᠤᠭᠤᠯᠬᠤ ᠵᠠᠮ ᠨᠡᠢᠢᠲᠡ 88 ᠺᠢᠯᠤᠮᠧᠲ᠋ᠷ ᠪᠥᠭᠡᠳ ᠭᠠᠷᠤᠭᠠᠨ ᠡᠴᠠ ᠪᠠᠷᠢᠶ᠎ᠠ ᠬᠦᠷᠲᠡᠯ᠎ᠡ 70 ᠺᠢᠯᠤᠮᠧᠲ᠋ᠷ ᠵᠠᠮ ᠊ᠢ ᠲᠤᠭᠤᠯᠤᠭᠰᠠᠨ ᠪᠠᠢᠢᠨ᠎ᠠ ᠃ ᠨᠠᠢᠮᠠᠨ ᠨᠠᠰᠤᠨ ᠪ ᠠᠩᠭᠢᠯᠠᠯ ᠵᠢᠨᠷ ᠵᠤᠬᠢᠶᠠᠨ ᠪᠠᠢᠢᠭᠤᠯᠤᠭᠰᠠᠨ ᠲᠡᠮᠡᠴᠡᠭᠡᠨ ᠪ ᠡᠯᠢᠲ ᠠᠩᠭᠢᠯᠠᠯ ᠳ᠋ᠤ ︽ᠠᠯᠳᠠᠷ︾ᠪᠠᠭ ᠂ ᠥᠰᠪᠦᠷᠢ ᠦᠶ᠎ᠡ ᠵᠢᠨ 13 – 15 ᠨᠠᠰᠤᠨ ᠪ ᠠᠩᠭᠢᠯᠠᠯ ᠳ᠋ᠤ ᠬᠤᠪᠲᠤ ᠠᠢᠢᠮᠠᠭ ᠤᠨ ︽ᠰᠢᠳᠢᠲᠦ ᠬᠦᠷᠳᠦ ︾ᠪᠠᠭ ᠂ ᠥᠰᠪᠦᠷᠢ ᠦᠶ᠎ᠡ ᠵᠢᠨ 16 – 18 ᠨᠠᠰᠤᠨ ᠪ ᠠᠩᠭᠢᠯᠠᠯ ᠳ᠋ᠤ ᠤᠪᠰᠤ ᠠᠢᠢᠮᠠᠭ ᠤᠨ ᠪᠠᠭ ᠂ ᠡᠮᠡᠭᠲᠡᠢᠢᠴᠦᠳ ᠤᠨ ᠰᠤᠨᠢᠷᠬᠠᠭᠴᠢᠳ ᠤᠨ 40 ᠡᠴᠡ ᠳᠡᠭᠡᠭᠰᠢ ᠨᠠᠰᠤᠨ ᠪ ᠠᠩᠭᠢᠯᠠᠯ ᠳᠤ Sky Team ᠪᠠᠭ ᠂ ᠡᠷᠡᠭᠲᠡᠢᠢᠴᠦᠳ ᠤᠨ ᠰᠤᠨᠢᠷᠬᠠᠭᠴᠢᠳ ᠤᠨ 40 ᠡᠴᠡ ᠳᠡᠭᠡᠭᠰᠢ ᠨᠠᠰᠤᠨ ᠪ ᠠᠩᠭᠢᠯᠠᠯ ᠳ᠋ᠤ ᠳᠤᠷᠤᠨᠠᠭᠤᠪᠢ ᠠᠢᠢᠮᠠᠭ ᠤᠨ ︽ᠬᠤᠲᠤᠭᠲᠤ ᠵᠢᠨ ᠳᠤᠭᠤᠢᠢᠴᠢᠳ︾ᠪᠠᠭ ᠂ ᠰᠤᠨᠢᠷᠬᠠᠭᠴᠢᠳ ᠤᠨ 19 – 39 ᠨᠠᠰᠤᠨ ᠪ ᠠᠩᠭᠢᠯᠠᠯ ᠤᠯᠠᠭᠠᠨᠪᠠᠭᠠᠲᠤᠷ ᠬᠤᠲᠠ ᠵᠢᠨ ︽ᠠᠲᠲ᠋ᠢᠯᠯᠠ ᠶᠢᠨ ᠵᠢᠮ ᠵᠢᠨᠷ︾ᠪᠠᠭ᠂ ᠡᠯᠢᠲ ᠡᠮᠡᠭᠲᠡᠢᠢᠴᠦᠳ ᠤᠨ ᠠᠩᠭᠢᠯᠠᠯ ᠳ᠋ᠤ ᠤᠯᠤᠰ ᠤᠨ ᠠᠪᠤᠷᠭᠤ ᠭ᠊ · ᠡᠩᠬᠡᠵᠢᠨ ᠪ ᠪᠠᠭ ᠰᠢᠯᠭᠠᠷᠠᠵᠤ ᠰᠢᠯᠢᠳᠡᠭ ᠤᠳ ᠵᠢᠨᠷ ᠲᠤᠳᠤᠷᠠᠯ᠎ᠠ ᠃
ᠲᠡᠮᠡᠴᠡᠭᠡᠨ ᠪ ᠬᠠᠮᠤᠭ ᠤᠨ ᠠᠬᠠᠮᠠᠳ ᠲᠠᠮᠢᠷᠴᠢᠨ 73 ᠨᠠᠰᠤᠲᠠᠢ ᠮᠤᠩᠭᠤᠯ ᠤᠯᠤᠰ ᠤᠨ 34 ᠤᠳᠠᠭᠠᠨ ᠪ ᠠᠪᠤᠷᠭᠤ ᠂ ᠣᠯᠠᠨ ᠤᠯᠤᠰ ᠤᠨ ᠬᠡᠮᠵᠢᠶᠡᠨ ᠪ ᠮᠠᠰᠲ᠋ᠧᠷ ᠂ ᠠᠽᠢᠶ᠎ᠠ ᠨᠤᠮᠤᠬᠠᠨ ᠳᠠᠯᠠᠢ ᠵᠢᠨ ᠣᠷᠤᠨ ᠨᠤᠭᠤᠳ ᠤᠨ ᠣᠯᠢᠮᠫᠢᠺ ᠤᠨ ᠠᠪᠤᠷᠭᠤ ᠲᠤᠭᠲᠠᠬᠤ ᠵᠢᠨ ᠫᠦᠷᠪᠦᠳᠤᠷᠵᠢ ᠪᠠᠢᠢᠯ᠎ᠠ ᠃ ᠭᠠᠷᠤᠭᠠᠨ ᠡᠴᠠ 198 ᠲᠠᠮᠢᠷᠴᠢᠨ ᠭᠠᠷᠴᠤ ᠪᠠᠷᠢᠶᠠᠨ ᠳᠤ 181 ᠲᠠᠮᠢᠷᠴᠢᠨ ᠣᠷᠤᠭᠰᠠᠨ ᠶᠤᠮ ᠃ ᠵᠠᠮ ᠤᠨ ᠨᠥᠬᠥᠴᠡᠯ ᠪᠠᠢᠢᠳᠠᠯ ᠡᠴᠠ ᠰᠢᠯᠲᠠᠭᠠᠯᠠᠨ ᠳᠤᠭᠤᠢ ᠡᠪᠳᠡᠷᠡᠬᠦ ᠂ ᠲᠠᠮᠢᠷᠴᠢᠳ ᠤᠨ ᠰᠢᠷᠪᠦᠰᠦ ᠲᠠᠲᠠᠬᠤ ᠵᠡᠷᠭᠡ ᠡᠴᠡ ᠰᠢᠯᠲᠠᠭᠠᠯᠠᠨ 17 ᠲᠠᠮᠢᠷᠴᠢᠨ ᠪᠠᠷᠢᠶᠠᠨ ᠳᠤ ᠣᠷᠤᠵᠤ ᠴᠢᠳᠠᠯ ᠦᠭᠡᠢ ᠲᠡᠮᠡᠴᠡᠭᠡᠨ ᠊ᠢ ᠳᠠᠭᠤᠰᠬᠠᠭᠰᠠᠨ ᠠᠵᠠᠢ ᠃