1200 ᠭᠠᠷᠤᠢ ᠦᠵᠡᠮᠦᠷᠢ ᠳ᠋ᠦ ᠲᠤᠳᠤᠷᠬᠠᠢᠢᠯᠠᠯᠲᠠ ᠪᠢᠴᠢᠵᠡᠢ | News.MN

1200 ᠭᠠᠷᠤᠢ ᠦᠵᠡᠮᠦᠷᠢ ᠳ᠋ᠦ ᠲᠤᠳᠤᠷᠬᠠᠢᠢᠯᠠᠯᠲᠠ ᠪᠢᠴᠢᠵᠡᠢ

ᠵᠠᠪᠬᠠᠨ ᠠᠢᠢᠮᠠᠭ  ᠤᠨ ᠣᠷᠤᠨ ᠨᠤᠲᠤᠭ  ᠤᠨ ᠮᠦᠽᠧᠢ ᠂ 24 ᠰᠤᠮᠤ ᠵᠢᠨ ᠮᠦᠽᠧᠢ ᠵᠢᠨ ᠲᠧᠭᠨᠢᠭ  ᠤᠨ ᠠᠵᠢᠯᠴᠢᠳ  ᠤᠨ ᠬᠢᠭᠰᠡᠨ 39 ᠰᠤᠳᠤᠯᠭᠠᠨ ᠰᠢᠨᠵᠢᠯᠡᠭᠡᠨ ᠢ ᠪᠦᠷᠢᠳᠬᠡᠨ ᠬᠦᠯᠢᠶᠡᠨ ᠠᠪᠴᠠᠢ ᠃ ᠮᠥᠨ ᠤᠭᠰᠠᠭᠠᠲᠠᠨ ᠪ ᠂ ᠪᠠᠢᠢᠭᠠᠯᠢ ᠵᠢᠨ ᠲᠡᠦᠬᠡ ᠵᠢᠨ ᠮᠦᠽᠧᠢ ᠵᠢᠨ ᠦᠵᠡᠮᠦᠷᠢ ᠡ‍ᠴᠡ 1200 ᠭᠠᠷᠤᠢ ᠦᠵᠡᠮᠦᠷᠢ ᠳ᠋ᠦ ᠡ‍ᠷᠳᠡᠮ ᠰᠢᠨᠵᠢᠯᠡᠭᠡᠨ ᠪ ᠲᠤᠳᠤᠷᠬᠠᠢᠢᠯᠠᠯᠲᠠ ᠪᠢᠴᠢᠵᠦ ᠂ ᠵᠢᠷᠤᠭᠵᠢᠭᠤᠯᠤᠨ ᠂ RCH ᠫᠷᠦᠭᠷᠡᠮ ᠳᠡᠭᠡᠷ᠎ᠡ ᠪᠦᠷᠢᠳᠬᠡᠨ ᠪᠠᠷᠢᠮᠳᠠᠵᠢᠭᠤᠯᠤᠭᠠᠳ ᠪᠠᠢᠢᠭ᠎ᠠ ᠭᠡᠪᠡ ᠃ ᠲᠤᠰ ᠮᠦᠽᠧᠢ ᠨᠢ ᠵᠢᠯ ᠳ᠋ᠦ ᠪᠡᠨ 4580 ᠭᠠᠷᠤᠢ ᠬᠥᠮᠦᠨ ᠳ᠋ᠦ ᠦᠢᠯᠡᠴᠢᠯᠡᠳᠡᠭ ᠪᠠ ᠥᠨᠦᠳᠦᠷ  ᠤᠨ ᠪᠠᠢᠢᠳᠠᠯ ᠵᠢᠨᠷ 780 ᠣᠷᠴᠢᠮ ᠬᠥᠮᠦᠨ ᠳ᠋ᠦ ᠦᠨ᠎ᠡ ᠦᠭᠡᠢ ᠦᠢᠯᠡᠴᠢᠯᠡᠭᠡ ᠦᠵᠡᠭᠦᠯᠦᠭᠰᠡᠨ ᠪᠠᠢᠢᠨ᠎ᠠ ᠃

ᠮᠦᠽᠧᠢ ᠨᠢ ᠪᠠᠢᠢᠭᠠᠯᠢ ᠵᠢᠨ ᠂ ᠲᠡᠦᠬᠡ ᠵᠢᠨ ᠂ ᠤᠭᠰᠠᠭᠠᠲᠠᠨ ᠪ ᠭᠡᠬᠦ ᠮᠡᠲᠦᠴᠢᠯᠡᠨ 11 ᠲᠠᠩᠬᠢᠮ ᠲᠠᠢ ᠃ ᠲᠤᠬᠠᠢᠢᠯᠠᠪᠠᠯ ᠪᠠᠢᠢᠭᠠᠯᠢ ᠭᠠᠵᠠᠷ ᠵᠦᠢ ᠵᠢᠨ ᠲᠠᠩᠬᠢᠮ ᠳᠤ ᠮᠠᠨ ᠪ ᠡ‍ᠷᠡᠨ ᠪ ᠡ‍ᠮᠦᠨᠡᠬᠢ 3 – 4 ᠮᠢᠩᠭᠠᠨ ᠵᠢᠯ ᠤᠨ ᠡ‍ᠮᠦᠨᠡᠬᠢ ᠦᠶ᠎ᠡ ᠵᠢ ᠲᠥᠯᠦᠭᠡᠯᠡᠬᠦ ᠬᠦᠷᠡᠯ ᠵᠡᠪᠰᠡᠭ ᠤᠨ ᠣᠯᠳᠠᠪᠤᠷᠢ ᠨᠤᠭᠤᠳ ᠂ ᠵᠠᠪᠬᠠᠨ ᠨᠤᠲᠤᠭ ᠤᠨ ᠠᠭᠤᠯᠠ ᠨᠢᠷᠤᠭᠤ ᠂ ᠬᠡᠭᠡᠷ᠎ᠡ ᠲᠠᠯ᠎ᠠ ᠡᠴᠠ ᠳᠡᠭᠡᠵᠢᠯᠡᠨ ᠠᠪᠤᠭᠰᠠᠨ ᠠᠰᠢᠭᠲᠤ ᠮᠠᠯᠲᠠᠮᠠᠯ ᠂ ᠡ‍ᠷᠦᠳᠡᠰᠦ ᠪᠠᠶᠠᠯᠢᠭ ᠂ ᠦᠨᠡᠲᠦ ᠴᠢᠯᠠᠭᠤ ᠨᠤᠭᠤᠳ ᠂ ᠮᠤᠩᠭᠤᠯ ᠤᠨ ︽ᠤᠯᠠᠭᠠᠨ ᠨᠤᠮ︾ ᠳᠦ ᠣᠷᠤᠭᠰᠠᠨ ᠪᠣᠷᠴᠠᠭᠠᠷ ᠬᠤᠲᠤᠩ ᠂ ᠴᠤᠬᠤᠷ ᠢᠷᠪᠢᠰ ᠂ ᠠᠷᠭᠠᠯᠢ ᠤᠭᠠᠯᠵᠠ ᠂ ᠶᠠᠩᠭᠢᠷ ᠬᠤᠯᠠᠨ ᠂ ᠪᠤᠭᠤ ᠰᠤᠭᠣ ᠵᠡᠷᠭᠡ 50 ᠣᠷᠴᠢᠮ ᠠᠮᠢᠲᠠᠨ ᠪ ᠴᠢᠬᠢᠮᠡᠯ ᠪᠠᠢᠢᠳᠠᠭ ᠃

ᠰᠡᠳᠬᠢᠭᠳᠡᠯ ᠦᠯᠡᠳᠡᠭᠡᠬᠦ