ᠵᠡᠷᠭᠡ ᠰᠤᠮᠤ ᠵᠢᠨ ᠰᠤᠷᠭᠠᠭᠤᠯᠢ ᠴ᠂ ᠳᠠᠯᠠᠢ ᠵᠢᠨ ᠨᠡᠷᠡᠮᠵᠢᠲᠦ ᠪᠣᠯᠤᠯ᠎ᠠ | News.MN

ᠵᠡᠷᠭᠡ ᠰᠤᠮᠤ ᠵᠢᠨ ᠰᠤᠷᠭᠠᠭᠤᠯᠢ ᠴ᠂ ᠳᠠᠯᠠᠢ ᠵᠢᠨ ᠨᠡᠷᠡᠮᠵᠢᠲᠦ ᠪᠣᠯᠤᠯ᠎ᠠ

ᠬᠤᠪᠲᠤ ᠠᠢᠢᠮᠠᠭ ᠤᠨ ᠬᠡᠮᠵᠢᠶᠡᠨ ᠳ᠋ᠦ ᠶᠡᠷᠦᠩᠬᠡᠢ ᠪᠣᠯᠪᠠᠰᠤᠷᠠᠯ ᠤᠨ 25 ᠰᠤᠷᠭᠠᠭᠤᠯᠢ ᠦᠢᠯᠡ ᠠᠵᠢᠯᠯᠠᠭ᠎ᠠ ᠶᠠᠪᠤᠭᠤᠯᠵᠤ ᠪᠠᠢᠢᠭ᠎ᠠ ᠵᠢᠨ 10 ᠭᠠᠷᠤᠢ ᠨᠢ ᠡ‍ᠳᠦᠭᠡ ᠨᠤᠲᠤᠭ ᠤᠨ ᠤᠤᠭᠠᠯ ᠂ ᠠᠯᠳᠠᠷ ᠭᠠᠪᠢᠶ᠎ᠠ ᠵᠢᠳᠬᠦᠯ ᠵᠢᠨᠷ ᠵᠢᠨᠨ ᠮᠠᠩᠯᠠᠢᠢᠯᠠᠭᠴᠢ ᠡ‍ᠷᠬᠢᠮ ᠬᠥᠮᠦᠰ ᠤᠨ ᠨᠡᠷᠡᠮᠵᠢᠲᠦ ᠪᠣᠯᠤᠭᠠᠳ ᠪᠠᠢᠢᠨ᠎ᠠ ᠃ ᠡ‍ᠨᠡ ᠤᠳᠠᠭ᠎ᠠ ᠬᠤᠪᠲᠤ ᠠᠢᠢᠮᠠᠭ  ᠤᠨ ᠵᠡᠷᠭᠡ ᠰᠤᠮᠤ ᠵᠢᠨ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠵᠢ ᠲᠤᠰ ᠰᠤᠮᠤ ᠵᠢᠨ ᠤᠤᠭᠠᠯ ᠂ ᠠᠩᠬᠠᠨ ᠪ ᠲᠡᠭᠦᠰᠦᠭᠴᠢᠳ ᠤᠨ ᠨᠢᠭᠡ ᠪᠣᠯᠬᠤ ᠮᠤᠩᠭᠤᠯ ᠤᠯᠤᠰ ᠤᠨ ᠰᠢᠨᠵᠢᠯᠡᠬᠦ ᠤᠬᠠᠭᠠᠨ ᠪ ᠭᠠᠪᠢᠶᠠᠲᠤ ᠵᠢᠳᠬᠦᠯᠲᠡᠨ ᠂ ᠰᠢᠨᠵᠢᠯᠡᠬᠦ ᠤᠬᠠᠭᠠᠨ ᠪ ᠠᠺᠠᠳᠧᠮᠢ ᠵᠢᠨ ᠰᠤᠷᠪᠤᠯᠵᠢᠲᠤ ᠭᠡᠰᠢᠭᠦᠨ ᠂ ᠲᠡᠦᠬᠡ ᠵᠢᠨ ᠤᠬᠠᠭᠠᠨ ᠪ ᠳ᠋ᠤᠺᠲ᠋ᠤᠷ ᠂ ᠫᠷᠤᠹᠧᠰᠰᠤᠷ ᠂ ᠠᠺᠠᠳᠧᠮᠢᠴᠢ ᠴᠢᠯᠠᠭᠤᠨ ᠪ ᠳᠠᠯᠠᠢ ᠵᠢᠨ ᠨᠡᠷᠡᠮᠵᠢᠲᠦ ᠪᠣᠯᠭᠠᠯ᠎ᠠ ᠃

ᠨᠡᠭᠡᠭᠡᠯᠲᠡ ᠵᠢᠨ ᠦᠢᠯᠡ ᠠᠵᠢᠯᠯᠠᠭ᠎ᠠ ᠵᠢ ᠡ‍ᠨᠡ ᠰᠠᠷ᠎ᠠ ᠵᠢᠨ 04 ᠪ ᠡ‍ᠳᠦᠷ ᠵᠤᠬᠢᠶᠠᠨ  ᠪᠠᠢᠭᠤᠯᠵᠤ᠂ ᠰᠢᠨᠵᠢᠯᠡᠬᠦ ᠤᠬᠠᠭᠠᠨ ᠪ ᠠᠺᠠᠳᠧᠮᠢ ᠵᠢᠨ ᠲᠡᠷᠢᠭᠦᠨ ᠳᠡᠳ᠋ ᠶᠡᠷᠦᠩᠬᠡᠢᠢᠯᠡᠭᠴᠢ ᠂ ᠠᠺᠠᠳᠧᠮᠢᠴᠢ ᠭ᠊ · ᠴᠢᠯᠠᠭᠤᠨᠪᠠᠭᠠᠲᠤᠷ ᠂ ᠲᠤᠰ ᠠᠺᠠᠳᠧᠮᠢ ᠵᠢᠨ ᠣᠯᠠᠨ ᠤᠯᠤᠰ ᠦᠨ ᠬᠠᠷᠢᠯᠴᠠᠭᠠᠨ ᠪ ᠬᠦᠷᠢᠶᠡᠯᠡᠩ ᠤᠨ ᠵᠠᠬᠢᠷᠤᠯ ᠂ ᠳ᠋ᠤᠺᠲ᠋ᠤᠷ ᠳ᠋᠊ · ᠵᠤᠯᠪᠣᠭ᠎ᠠ ᠲᠡᠷᠢᠭᠦᠲᠡᠢ ᠡ‍ᠷᠳᠡᠮᠲᠡᠨ ᠰᠤᠳᠤᠯᠤᠭᠠᠴᠢᠳ ᠣᠷᠤᠯᠴᠠᠪᠠ ᠃ ᠮᠥᠨ ᠠᠺᠠᠳᠧᠮᠢᠴᠢ ᠴᠢᠯᠠᠭᠤᠨ ᠪ ᠳᠠᠯᠠᠢ ᠵᠢᠨ ᠭᠡᠷᠭᠡᠢ ᠂ ᠦᠷ᠎ᠡ ᠬᠡᠦᠬᠡᠳ ᠂ ᠠᠢᠢᠮᠠᠭ ᠂ ᠰᠤᠮᠤ ᠵᠢᠨ ᠤᠳᠤᠷᠢᠳᠤᠯᠭ᠎ᠠ ᠨᠠᠷ ᠂ ᠣᠷᠤᠨ ᠨᠤᠲᠤᠭ ᠤᠨ ᠢᠷᠭᠡᠳ ᠂ ᠪᠠᠭᠰᠢ ᠂ ᠰᠤᠷᠤᠭᠴᠢᠳ ᠤᠨ ᠲᠥᠯᠦᠭᠡᠯᠡᠯ ᠥᠷᠭᠡᠨ ᠵᠢᠨᠷ ᠣᠷᠤᠯᠴᠠᠭᠰᠠᠨ ᠶᠤᠮ ᠃ ᠴᠢᠯᠠᠭᠤᠨ ᠪ ᠳᠠᠯᠠᠢ︽ᠮᠤᠩᠭᠤᠯ  ᠤᠨ ᠪᠥᠭᠡ ᠮᠥᠷᠭᠥᠯ  ᠤᠨ ᠲᠤᠪᠴᠢ ᠲᠡᠦᠬᠡ ︾ ᠬᠡᠮᠡᠬᠦ ᠪᠡᠰᠡᠷᠡᠭᠬᠡᠨ ᠵᠤᠬᠢᠶᠠᠯ ᠪᠢᠴᠢᠵᠦ ᠨᠡᠢᠢᠲᠡᠯᠡᠭᠦᠯᠦᠭᠰᠡᠨ ᠨᠢ ᠮᠤᠩᠭᠤᠯ ᠪᠠ ᠭᠠᠳᠠᠭᠠᠳᠤ ᠵᠢᠨ ᠡ‍ᠷᠳᠡᠮᠲᠡᠨ ᠂ ᠰᠤᠳᠤᠯᠤᠭᠠᠴᠢᠳ ᠤᠨ ᠠᠩᠬᠠᠷᠤᠯ ᠰᠤᠨᠢᠷᠬᠠᠯ ᠊ᠢ ᠶᠡᠬᠡᠳᠡ ᠲᠠᠲᠠᠭᠰᠠᠨ ᠪᠠᠢᠢᠳᠠᠭ ᠃

 

ᠰᠡᠳᠬᠢᠭᠳᠡᠯ ᠦᠯᠡᠳᠡᠭᠡᠬᠦ