︽ᠮᠤᠩᠭᠤᠯ ᠤᠨ ᠨᠢᠭᠤᠴᠠ ᠲᠤᠪᠴᠢᠶᠠᠨ – 780︾ᠡᠷᠳᠡᠮ ᠰᠢᠨᠵᠢᠯᠡᠭᠡᠨ ᠪ ᠬᠤᠷᠠᠯ ᠊ᠢ ᠰᠤᠶᠤᠯ ᠤᠨ ᠶᠠᠮᠤᠨ ᠂ ᠴᠢᠩᠭᠢᠰ ᠬᠠᠭᠠᠨ ᠪ ᠥᠪ ᠰᠤᠶᠤᠯ ᠤᠨ ᠬᠦᠷᠢᠶᠡᠯᠡᠩ ᠡᠴᠡ ᠡᠨᠡ ᠣᠨ ᠪ 11 ᠳ᠋ᠤᠭᠡᠷ ᠰᠠᠷ᠎ᠠ ᠵᠢᠨ 13 ᠳ᠋ᠦ ᠵᠤᠬᠢᠶᠠᠨ ᠪᠠᠢᠢᠭᠤᠯᠤᠨ᠎ᠠ ᠃ ᠡᠨᠡ ᠬᠦ ᠬᠤᠷᠠᠯ ᠤᠨ ᠠᠴᠢ ᠬᠤᠯᠪᠣᠭᠳᠠᠯ ᠂ ᠵᠤᠷᠢᠯᠭ᠎ᠠ᠂ ᠦᠢᠯᠡ ᠠᠵᠢᠯᠯᠠᠭᠠᠨ ᠪ ᠲᠠᠯ᠎ᠠ ᠪᠡᠷ ᠳ᠋ᠤᠺᠲ᠋ᠤᠷ ᠭ᠊ · ᠠᠯᠲᠠᠨᠰᠦ᠋ᠬᠡ ᠠᠴᠠ ᠲᠤᠳᠤᠷᠠᠭᠤᠯᠤᠯ᠎ᠠ ᠃
– ᠤᠭ ᠬᠤᠷᠠᠯ ᠊ᠢ ᠵᠤᠬᠢᠶᠠᠨ ᠪᠠᠢᠢᠭᠤᠯᠬᠤ ᠰᠢᠯᠲᠠᠭᠠᠨ ᠠᠴᠢ ᠬᠤᠯᠪᠣᠭᠳᠠᠯ ᠨᠢ ᠶᠠᠭᠤ ᠪᠤᠢ ︖
– ︽ᠮᠤᠩᠭᠤᠯ ᠤᠨ ᠨᠢᠭᠤᠴᠠ ᠲᠤᠪᠴᠢᠶᠠᠨ︾ᠪᠣᠯ ᠮᠤᠩᠭᠤᠯ ᠬᠡᠯᠡ ᠪᠡᠷ ᠂ ᠬᠠᠭᠠᠨ ᠪ ᠣᠷᠳᠤᠨ ᠳᠤ ᠪᠢᠴᠢᠭᠳᠡᠭᠰᠡᠨ ᠶᠡᠬᠡ ᠮᠤᠩᠭᠤᠯ ᠤᠯᠤᠰ ᠤᠨ ᠲᠥᠷᠦ ᠵᠢᠨ ᠠᠯᠪᠠᠨ ᠲᠡᠦᠬᠡ ᠶᠤᠮ ᠃ ᠡᠢᠢᠮᠦ ᠤᠴᠢᠷ ᠡᠴᠠ ᠮᠠᠨ ᠪ ᠤᠯᠤᠰ ᠲᠤ︽ᠮᠤᠩᠭᠤᠯ ᠤᠨ ᠨᠢᠭᠤᠴᠠ ᠲᠤᠪᠴᠢᠶᠠᠨ︾ ᠪ ᠲᠡᠦᠬᠡᠨ ᠲᠡᠭᠰᠢ ᠣᠢ ᠵᠢ ᠲᠡᠮᠳᠡᠭᠯᠡᠳᠡᠭ ᠃ ᠡᠨᠡ ᠵᠢᠯ ︽ᠮᠤᠩᠭᠤᠯ ᠤᠨ ᠨᠢᠭᠤᠴᠠ ᠲᠤᠪᠴᠢᠶᠠᠨ︾ ᠶᠢ ᠪᠢᠴᠢᠵᠦ ᠳᠠᠭᠤᠰᠬᠠᠭᠰᠠᠨ ᠪ 780 ᠵᠢᠯ ᠤᠨ ᠣᠢ ᠲᠤᠬᠢᠶᠠᠵᠤ ᠪᠠᠢᠢᠨ᠎ᠠ᠃ ᠡᠷᠳᠡᠮ ᠰᠢᠨᠵᠢᠯᠡᠭᠡᠨ ᠪ ᠬᠤᠷᠠᠯ ᠤᠨ ᠭᠤᠤᠯ ᠵᠤᠷᠢᠯᠭ᠎ᠠ ᠨᠢ ︽ᠮᠤᠩᠭᠤᠯ ᠤᠨ ᠨᠢᠭᠤᠴᠠ ᠲᠤᠪᠴᠢᠶᠠᠨ︾ᠰᠤᠳᠤᠯᠤᠯ ᠊ᠢ ᠭᠦᠨᠵᠡᠭᠡᠢᠢᠷᠡᠭᠦᠯᠬᠦ ᠂ ᠰᠤᠳᠤᠯᠭᠠᠨ ᠪ ᠵᠠᠷᠢᠮ ᠮᠠᠷᠭᠤᠭᠠᠨ ᠲᠠᠢ ᠠᠰᠠᠭᠤᠳᠠᠯ ᠊ᠢ ᠰᠢᠢᠳᠪᠦᠷᠢᠯᠡᠬᠦ ᠂ ᠲᠡᠦᠬᠡᠨ ᠦᠨ᠎ᠡ ᠴᠡᠨ᠎ᠡ ᠂ ᠠᠴᠢ ᠬᠤᠯᠪᠣᠭᠳᠠᠯ ᠊ᠢ ᠨᠢ ᠣᠯᠠᠨ ᠨᠡᠢᠢᠲᠡ ᠳ᠋ᠦ ᠰᠤᠷᠲᠠᠯᠴᠢᠯᠠᠨ ᠲᠠᠨᠢᠭᠤᠯᠬᠤ ᠳ᠋ᠤ ᠴᠢᠭᠯᠡᠵᠦ ᠪᠠᠢᠢᠭ᠎ᠠ ᠃
– ᠡᠷᠳᠡᠮ ᠰᠢᠨᠵᠢᠯᠡᠭᠡᠨ ᠪ ᠬᠤᠷᠠᠯ ᠳᠦ ᠶᠠᠮᠠᠷ ᠰᠡᠳᠦᠪ ᠤᠨ ᠢᠯᠡᠳᠬᠡᠯ ᠤᠳ ᠊ᠢ ᠬᠡᠯᠡᠯᠴᠡᠭᠦᠯᠬᠦ ᠪᠤᠢ ︖
–︽ᠮᠤᠩᠭᠤᠯ ᠤᠨ ᠨᠢᠭᠤᠴᠠ ᠲᠤᠪᠴᠢᠶᠠᠨ︾ ᠪ ᠰᠤᠷᠪᠤᠯᠵᠢ ᠰᠤᠳᠤᠯᠤᠯ ᠂ ᠡᠬᠡ ᠪᠢᠴᠢᠭ ᠤᠨ ᠰᠤᠳᠤᠯᠭᠠᠨ ᠂ ᠲᠡᠦᠬᠡ ᠪᠢᠴᠢᠯᠭᠡ ᠵᠢᠨ ᠰᠤᠳᠤᠯᠭᠠᠨ ᠂ ︽ᠮᠤᠩᠭᠤᠯ ᠤᠨ ᠨᠢᠭᠤᠴᠠ ᠲᠤᠪᠴᠢᠶᠠᠨ︾ ᠰᠤᠳᠤᠯᠤᠯ ᠤᠨ ᠲᠡᠦᠬᠡ ᠭᠡᠰᠡᠨ ᠭᠤᠷᠪᠠᠨ ᠴᠢᠭᠯᠡᠯ ᠵᠢᠨᠷ ᠂ 2020 ᠣᠨ ᠪ 10 ᠰᠠᠷ᠎ᠠ ᠵᠢᠨ 9 ᠬᠦᠷᠲᠡᠯ᠎ᠡ ᠢᠯᠡᠳᠬᠡᠯ ᠬᠦᠯᠢᠶᠡᠨ ᠠᠪᠤᠨ᠎ᠠ ᠃
–︽ᠮᠤᠩᠭᠤᠯ ᠤᠨ ᠨᠢᠭᠤᠴᠠ ᠲᠤᠪᠴᠢᠶᠠᠨ︾ ᠰᠤᠳᠤᠯᠤᠯ ᠳᠤ ᠶᠠᠮᠠᠷ ᠴᠢᠭᠯᠡᠯ ᠤᠨ ᠰᠤᠳᠤᠯᠭᠠᠨ ᠨᠡᠩ ᠲᠦᠷᠦᠭᠦᠨ ᠳ᠋ᠦ ᠦᠭᠡᠢᠢᠯᠡᠭᠳᠡᠵᠦ ᠪᠠᠢᠢᠨ᠎ᠠ ᠪᠤᠢ ︖
–︽ᠮᠤᠩᠭᠤᠯ ᠤᠨ ᠨᠢᠭᠤᠴᠠ ᠲᠤᠪᠴᠢᠶᠠᠨ︾ ᠪ ᠡᠬᠡ ᠪᠢᠴᠢᠭ ᠤᠨ ᠰᠤᠳᠤᠯᠭᠠᠨ ᠬᠠᠮᠤᠭ ᠤᠨ ᠴᠢᠬᠤᠯᠠ ᠃ ᠪᠦᠬᠦ ᠦᠭᠡ ᠥᠭᠦᠯᠡᠪᠦᠷᠢ ᠵᠢ ᠨᠢ ᠪᠦᠷᠢᠨ ᠰᠡᠷᠭᠦᠭᠡᠵᠦ ᠂ ᠲᠠᠢᠢᠯᠤᠨ ᠤᠩᠰᠢᠬᠤ ᠨᠢ ᠦᠶ᠎ᠡ ᠦᠶ᠎ᠡ ᠵᠢᠨ ᠰᠤᠳᠤᠯᠤᠭᠠᠴᠢᠳ ᠤᠨ ᠬᠤᠪᠢ ᠳᠤ ᠴᠢᠬᠤᠯᠠ ᠵᠤᠷᠢᠯᠲᠠ ᠪᠠᠢᠢᠭᠰᠠᠭᠠᠷ ᠢᠷᠡᠭᠰᠡᠨ ᠃ ᠡᠨᠡ ᠨᠢ ᠮᠤᠩᠭᠤᠯ ᠤᠨ ᠲᠡᠦᠬᠡ ᠂ ᠬᠡᠯᠡ ᠰᠢᠨᠵᠢᠯᠡᠯ ᠂ ᠰᠤᠶᠤᠯ ᠤᠨ ᠰᠤᠳᠤᠯᠭᠠᠨ ᠳᠤ ᠴᠢᠬᠤᠯᠠ ᠠᠴᠢ ᠬᠤᠯᠪᠣᠭᠳᠠᠯ ᠲᠠᠢ ᠠᠵᠢᠯ ᠪᠣᠯᠤᠨ᠎ᠠ ᠃ ᠮᠥᠨ ᠲᠡᠭᠦᠨᠴᠢᠯᠡᠨ ᠂ ︽ ᠮᠤᠩᠭᠤᠯ ᠤᠨ ᠨᠢᠭᠤᠴᠠ ᠲᠤᠪᠴᠢᠶᠠᠨ ︾ ᠳ᠋ᠦ ᠪᠠᠢᠢᠭ᠎ᠠ ᠲᠥᠷᠦ ᠶᠤᠰᠣ ᠂ ᠨᠡᠢᠢᠭᠡᠮ ᠤᠨ ᠪᠠᠢᠢᠭᠤᠯᠤᠯ ᠂ ᠲᠥᠷᠦ ᠵᠢᠨ ᠪᠦᠲᠦᠴᠡ ᠂ ᠵᠤᠬᠢᠶᠠᠨ ᠪᠠᠢᠢᠭᠤᠯᠤᠯᠲᠠ ᠵᠢᠨ ᠰᠤᠳᠤᠯᠭᠠᠨ ᠨᠤᠭᠤᠳ ᠊ᠢ ᠰᠢᠨ᠎ᠡ ᠪᠡᠷ ᠬᠢᠬᠦ ᠶᠤᠰᠤᠲᠠᠢ ᠃ ᠤᠴᠢᠷ ᠨᠢ ᠂ ︽ᠮᠤᠩᠭᠤᠯ ᠤᠨ ᠨᠢᠭᠤᠴᠠ ᠲᠤᠪᠴᠢᠶᠠᠨ︾ ᠪᠣᠯ ᠮᠤᠩᠭᠤᠯ ᠨᠤᠲᠤᠭ ᠲᠠᠬᠢ ᠡᠷᠲᠡᠨ ᠪ ᠨᠡᠭᠦᠳᠡᠯᠴᠢᠳ ᠤᠨ ᠥᠪᠡᠷ ᠤᠨ ᠬᠡᠯᠡ ᠪᠡᠷ ᠵᠢᠨᠨ ᠪᠢᠴᠢᠵᠦ ᠦᠯᠡᠳᠡᠭᠡᠭᠰᠡᠨ ᠬᠠᠮᠤᠭ ᠤᠨ ᠠᠩᠬᠠᠨ ᠪ ᠲᠥᠷᠦ ᠵᠢᠨ ᠠᠯᠪᠠᠨ ᠲᠡᠦᠬᠡᠨ ᠶᠤᠮ ᠃ ᠡᠨᠡ ᠤᠳᠬ᠎ᠠ ᠪᠡᠷ ᠡᠷᠲᠡᠨ ᠪ ᠨᠡᠭᠦᠳᠡᠯᠴᠢᠳ ᠤᠨ ᠲᠥᠷᠦ ᠂ ᠨᠡᠢᠢᠭᠡᠮ ᠤᠨ ᠪᠠᠢᠢᠭᠤᠯᠤᠯ ᠤᠨ ᠰᠤᠳᠤᠯᠭᠠᠨ ᠳᠤ ᠶᠠᠭᠤᠲᠠᠢ ᠴᠦ ᠵᠦᠢᠷᠯᠡᠰᠢ ᠦᠭᠡᠢ ᠴᠢᠬᠤᠯᠠ ᠰᠤᠷᠪᠤᠯᠵᠢ ᠪᠣᠯᠳᠠᠭ ᠃