ᠦᠨᠳᠦᠰᠦᠨ ᠪ ᠰᠠᠭᠰᠤᠨ ᠪᠥᠮᠪᠥᠭᠡ ᠵᠢᠨ ᠬᠤᠯᠪᠣᠭᠠᠨ ᠡᠴᠠ ᠵᠤᠬᠢᠶᠠᠨ ᠪᠠᠢᠢᠭᠤᠯᠵᠤ ᠪᠤᠢ ᠨᠠᠰᠤᠨ ᠳᠤ ᠬᠦᠷᠦᠭᠰᠡᠳ ᠦᠨ В ᠵᠡᠷᠭᠡᠯᠡᠯ ᠤᠨ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ︽ᠮᠤᠩ – ᠠᠯᠲ᠋ᠢᠤᠰ︾ᠪᠡᠶ᠎ᠡ ᠵᠢᠨ ᠲᠠᠮᠢᠷ ᠤᠨ ᠳᠡᠭᠡᠳᠦ ᠰᠤᠷᠭᠠᠭᠤᠯᠢ ᠵᠢᠨ ᠰᠫᠣᠷᠲ ᠲᠠᠩᠬᠢᠮ ᠳᠤ ᠦᠷᠭᠦᠯᠵᠢᠯᠡᠵᠦ ᠪᠠᠢᠢᠭ᠎ᠠ ᠪᠢᠯᠡ ᠃ ᠡᠨᠡ ᠲᠡᠮᠡᠴᠡᠭᠡᠨ ᠳ᠋ᠦ ᠮᠤᠩᠭᠤᠯ ᠤᠯᠤᠰ ᠤᠨ ᠭᠠᠪᠢᠶᠠᠲᠤ ᠲᠠᠮᠢᠷᠴᠢᠨ ᠴ᠊ · ᠰᠢᠷᠠᠪᠵᠠᠮᠰᠤ ᠶᠢᠨ ᠬᠤᠶᠠᠷ ᠬᠦᠦ ︽ᠪᠤᠷᠬᠠᠨᠲᠤ ᠵᠢᠨ ᠪᠤᠭᠤ ᠨᠤᠭᠤᠳ ︾ᠪᠠᠭ ᠲᠤ ᠬᠠᠮᠲᠤ ᠲᠤᠭᠯᠠᠵᠤ ᠪᠠᠢᠢᠨ᠎ᠠ ᠃
ᠪᠠᠭ᠎ᠠ ᠬᠦᠦ ᠱ᠊ · ᠡᠩᠬᠡ ᠵᠢᠨ ᠣᠳᠣ ᠨᠢ 2019 ᠣᠨ ᠪ ᠵᠢᠷᠭᠤᠳᠤᠭᠠᠷ ᠰᠠᠷ᠎ᠠ ᠳᠤ ᠵᠤᠬᠢᠶᠠᠨ ᠪᠠᠢᠢᠭᠤᠯᠤᠭᠰᠠᠨ 18 ᠬᠦᠷᠲᠡᠯᠡᠬᠢ ᠨᠠᠰᠤᠨ ᠪ ᠰᠠᠭᠰᠤᠨ ᠪᠥᠮᠪᠥᠭᠡ ᠵᠢᠨ 3 х 3 ᠲᠥᠷᠦᠯ ᠤᠨ ᠳᠡᠯᠡᠬᠡᠢ ᠵᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳ᠋ᠦ ᠲᠤᠩ ᠠᠮᠵᠢᠯᠲᠠᠲᠠᠢ ᠣᠷᠤᠯᠴᠠᠵᠤ ᠂ ︽ ᠮᠡᠷᠭᠡᠨ ᠪᠤᠤᠴᠢ ︾ ᠪᠤᠶᠤ ᠬᠠᠮᠤᠭ ᠤᠨ ᠥᠨᠳᠦᠷ ᠣᠨᠤᠭ᠎ᠠ ᠠᠪᠤᠭᠰᠠᠨ ᠲᠠᠮᠢᠷᠴᠢᠳ ᠤᠨ ᠵᠢᠭᠰᠠᠭᠠᠯᠲᠠ ᠵᠢ ᠲᠡᠷᠢᠭᠦᠯᠡᠭᠰᠡᠨ ᠪᠢᠯᠡ ᠃ ᠬᠠᠷᠢᠨ ᠲᠤᠮᠣ ᠬᠦᠦ ᠱ᠊ · ᠮᠥᠩᠬᠡ ᠵᠢᠨ ᠣᠳᠣ ᠨᠢ ᠡᠲᠦᠭᠡᠨ ᠶᠡᠬᠡ ᠰᠤᠷᠭᠠᠭᠤᠯᠢ ᠵᠢᠨ ᠰᠠᠭᠰᠤᠨ ᠪᠥᠮᠪᠥᠭᠡ ᠵᠢᠨ ᠰᠢᠭᠰᠢᠭᠡ ᠪᠠᠭ ᠤᠨ ᠲᠤᠭᠯᠠᠭᠴᠢ ᠪᠥᠭᠡᠳ ᠣᠶᠤᠲᠠᠨ ᠪ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠳ᠋ᠦ ᠪᠠᠭ ᠵᠢᠨᠷ ᠵᠢᠨᠨ ᠠᠮᠵᠢᠯᠲᠠᠲᠠᠢ ᠣᠷᠤᠯᠴᠠᠵᠤ ᠂ ᠠᠯᠲᠠᠨ ᠮᠧᠳᠠᠯ ᠬᠦᠷᠲᠡᠭᠰᠡᠨ ᠪᠢᠯᠡ᠃