ᠨᠡᠢᠢᠰᠯᠡᠯ ᠤᠨ ᠵᠠᠰᠠᠭ ᠳᠠᠷᠤᠭ᠎ᠠ ᠪᠥᠭᠡᠳ ᠤᠯᠠᠭᠠᠨᠪᠠᠭᠠᠲᠤᠷ ᠬᠤᠲᠠ ᠵᠢᠨ ᠵᠠᠬᠢᠷᠤᠭᠴᠢ ᠵᠢᠨ ᠡᠭᠦᠷᠭᠡ ᠭᠦᠢᠴᠡᠳᠬᠡᠭᠴᠢ ᠵ᠊ · ᠪᠠᠲᠤᠪᠠᠶᠠᠰᠬᠤᠯᠠᠩ ᠡᠨᠡ ᠰᠠᠷ᠎ᠠ ᠵᠢᠨ 17 ᠪ ᠡᠳᠦᠷ ᠰᠤᠶᠤᠯ ᠤᠨ ᠰᠠᠢᠢᠳ ᠰ᠊ · ᠴᠢᠯᠠᠭᠤᠨ ᠊ᠢ ᠬᠦᠯᠢᠶᠡᠨ ᠠᠪᠴᠤ ᠠᠭᠤᠯᠵᠠᠯ᠎ᠠ ᠃ ᠰᠤᠶᠤᠯ ᠤᠨ ᠰᠠᠢᠢᠳ ᠰ᠊·ᠴᠢᠯᠠᠭᠤᠨ᠄ ᠵᠠᠰᠠᠭ ᠤᠨ ᠭᠠᠵᠠᠷ ᠤᠨ ᠦᠢᠯᠡ ᠠᠵᠢᠯᠯᠠᠭᠠᠨ ᠪ ᠬᠥᠲᠦᠯᠪᠦᠷᠢ ᠵᠢᠨ ᠦᠨᠳᠦᠰᠦᠨ ᠭᠤᠷᠪᠠᠨ ᠴᠢᠭᠯᠡᠯ ᠤᠨ ᠨᠢᠭᠡ ᠳ᠋ᠦ ᠰᠤᠶᠤᠯ ᠤᠨ ᠰᠠᠯᠪᠤᠷᠢ ᠵᠢᠨ ᠠᠰᠠᠭᠤᠳᠠᠯ ᠊ᠢ ᠲᠤᠰᠬᠠᠭᠰᠠᠨ ᠃ ᠡᠨᠡ ᠨᠢ ᠲᠥᠷᠦ ᠵᠠᠰᠠᠭ ᠡᠴᠠ ᠰᠤᠶᠤᠯ ᠤᠨ ᠰᠠᠯᠪᠤᠷᠢ ᠳᠤ ᠠᠩᠬᠠᠷᠴᠤ ᠪᠠᠢᠢᠭ᠎ᠠ ᠵᠢᠨ ᠢᠯᠡᠷᠡᠯ ᠶᠤᠮ ᠃ ᠪᠢᠳᠡ ᠨᠡᠢᠢᠭᠡᠮ ᠊ᠢ ᠰᠤᠶᠤᠯᠵᠢᠭᠤᠯᠬᠤ ᠂ ᠥᠪ ᠰᠤᠶᠤᠯ ᠤᠳ ᠢᠶᠠᠨ ᠬᠡᠦᠬᠡᠳ ᠵᠠᠯᠠᠭᠤᠰ ᠲᠤ ᠲᠠᠨᠢᠨ ᠮᠡᠳᠡᠭᠦᠯᠬᠦ ᠲᠠᠯ᠎ᠠ ᠳᠡᠭᠡᠷ᠎ᠡ ᠭᠤᠤᠯᠴᠢᠯᠠᠨ ᠠᠩᠬᠠᠷᠴᠤ ᠠᠵᠢᠯᠯᠠᠵᠤ ᠪᠠᠢᠢᠨ᠎ᠠ ᠭᠡᠪᠡ ᠃
ᠨᠡᠢᠢᠰᠯᠡᠯ ᠤᠨ ᠡᠭᠦᠰᠦᠯ ᠬᠥᠭᠵᠢᠯ ᠤᠨ ᠲᠡᠦᠬᠡ ᠵᠢ ᠬᠠᠳᠠᠭᠠᠯᠠᠭᠰᠠᠨ ᠰᠠᠷᠢᠳᠠᠭ ᠤᠨ ᠬᠡᠢᠢᠳ ᠤᠨ ᠴᠢᠭᠯᠡᠯ ᠳ᠋ᠦ ᠲᠡᠦᠬᠡ ᠵᠢᠨ ᠠᠶᠠᠯᠠᠯ ᠵᠢᠭᠤᠯᠴᠢᠯᠠᠯ ᠤᠨ ᠮᠠᠷᠱᠷᠦᠲ ᠭᠠᠷᠭᠠᠨ ᠬᠥᠭᠵᠢᠭᠦᠯᠬᠦ ᠠᠵᠢᠯ ᠊ᠢ ᠬᠢᠵᠦ ᠪᠠᠢᠢᠭ᠎ᠠ ᠪᠢᠯᠡ ᠃ ᠰᠠᠷᠢᠳᠠᠭ ᠤᠨ ᠬᠡᠢᠢᠳ ᠤᠨ ᠲᠤᠭᠤᠷᠢᠨ ᠡᠴᠠ ᠥᠨᠳᠦᠷ ᠭᠡᠭᠡᠨ ᠪ ᠪᠦᠲᠦᠭᠡᠭᠰᠡᠨ ᠢᠵᠠᠭᠤᠷ ᠤᠨ ᠲᠠᠪᠤᠨ ᠪᠤᠷᠬᠠᠨ ᠡᠴᠠ ᠡᠬᠢᠯᠡᠭᠡᠳ ᠠᠷᠪᠠᠨ ᠭᠤᠷᠪᠠᠳᠤᠭᠠᠷ ᠵᠠᠭᠤᠨ ᠪ ᠮᠤᠩᠭᠤᠯ ᠤᠨ ᠲᠡᠳᠦᠢ ᠦᠭᠡᠢ ᠪᠦᠰᠡ ᠨᠤᠲᠤᠭ ᠤᠨ ᠰᠤᠶᠤᠯ ᠂ ᠤᠯᠤᠰ ᠲᠥᠷᠦ ᠂ ᠬᠤᠳᠠᠯᠳᠤᠭᠠᠨ ᠪ ᠲᠤᠮᠤᠬᠠᠨ ᠲᠥᠪ ᠪᠠᠢᠢᠭᠰᠠᠨ ᠊ᠢ ᠭᠡᠷᠡᠴᠢᠯᠡᠬᠦ ᠬᠤᠤᠰ ᠦᠭᠡᠢ ᠣᠯᠳᠠᠪᠤᠷᠢ ᠨᠤᠭᠤᠳ ᠢᠯᠡᠷᠡᠭᠰᠡᠨ ᠪᠠᠢᠢᠳᠠᠭ ᠃ ᠮᠥᠨ︽ᠰᠤᠶᠤᠯ ᠤᠨ ᠥᠪ ᠲᠦ ᠡᠭᠡᠯᠢᠲᠡᠢ ᠤᠯᠠᠭᠠᠨᠪᠠᠭᠠᠲᠤᠷ︾ᠠᠶᠠᠨ ᠪ ᠬᠦᠷᠢᠶᠡᠨ ᠳ᠋ᠦ ᠰᠡᠭᠦᠯ ᠤᠨ ᠳᠥᠷᠪᠡᠨ ᠵᠢᠯ ᠤᠨ ᠪᠠᠢᠢᠳᠠᠯ ᠵᠢᠨᠷ ᠰᠤᠶᠤᠯ ᠤᠨ ᠥᠪ ᠊ᠢ ᠬᠠᠮᠠᠭᠠᠯᠠᠬᠤ ᠂ ᠰᠤᠷᠲᠠᠯᠴᠢᠯᠠᠬᠤ ᠂ ᠰᠡᠷᠭᠦᠭᠡᠨ ᠵᠠᠰᠠᠪᠤᠷᠢᠯᠠᠬᠤ ᠴᠢᠭᠯᠡᠯ ᠵᠢᠨᠷ ᠠᠩᠬᠠᠷᠴᠤ ᠠᠵᠢᠯᠯᠠᠵᠤ ᠪᠠᠢᠢᠭ᠎ᠠ ᠶᠤᠮ᠃