ᠳᠡᠯᠡᠬᠡᠢ ᠵᠢᠨ ᠰᠢᠲᠠᠷ᠎ᠠ ᠵᠢᠨ ᠣᠯᠢᠮᠫᠢᠶᠠᠳ᠋ ᠲᠤ ᠣᠷᠤᠯᠴᠠᠬᠤ ᠮᠤᠩᠭᠤᠯ ᠤᠨ ᠪᠠᠭ ᠲᠠᠮᠢᠷᠴᠢᠳ ᠲᠤ ᠬᠦᠨᠳᠦᠳᠬᠡᠯ ᠦᠵᠡᠭᠦᠯᠬᠦ ᠶᠤᠰᠤᠯᠠᠯ ᠥᠴᠦᠭᠡᠳᠦᠷ ︽ᠶᠡᠬᠡ ᠲᠩᠷᠢ︾ᠴᠤᠭᠴᠠᠯᠠᠪᠤᠷᠢ ᠳᠤ ᠪᠣᠯᠤᠯ᠎ᠠ ᠃ ᠶᠤᠰᠤᠯᠠᠯ ᠳᠤ ᠮᠤᠩᠭᠤᠯ ᠤᠨ ᠦᠨᠳᠦᠰᠦᠨ ᠪ ᠣᠯᠢᠮᠫᠢᠺ ᠤᠨ ᠬᠤᠷᠢᠶ᠎ᠠ ᠶᠢᠨ ᠳᠡᠳ᠋ ᠶᠡᠷᠦᠩᠬᠡᠢᠢᠯᠡᠭᠴᠢ ᠴ᠊ · ᠨᠠᠷᠠᠨᠪᠠᠭᠠᠲᠤᠷ ᠂ ᠮᠤᠩᠭᠤᠯ ᠤᠨ ᠰᠢᠲᠠᠷ᠎ᠠ ᠵᠢᠨ ᠬᠤᠯᠪᠣᠭ᠎ᠠ ᠮᠡᠷᠭᠡᠵᠢᠯ ᠤᠨ ᠰᠢᠲᠠᠷ᠎ᠠ ᠵᠢᠨ ᠬᠤᠯᠪᠣᠭ᠎ᠠ ᠶᠢᠨ ᠶᠡᠷᠦᠩᠬᠡᠢᠢᠯᠡᠭᠴᠢ ᠶᠠ᠊·ᠰᠠᠩᠵᠠᠢᠢᠮᠢᠲᠤᠪ ᠂ ᠪᠡᠶ᠎ᠡ ᠵᠢᠨ ᠲᠠᠮᠢᠷ᠂ ᠰᠫᠣᠷᠲ ᠤᠨ ᠤᠯᠤᠰ ᠤᠨ ᠬᠤᠷᠢᠶᠠᠨ ᠪ ᠳᠠᠷᠤᠭ᠎ᠠ ᠴ᠊ ·ᠰᠢᠷᠡᠪᠵᠠᠮᠰᠤ ᠨᠠᠷ ᠣᠷᠤᠯᠴᠠᠵᠤ ᠪᠠᠭ ᠲᠠᠮᠢᠷᠴᠢᠳ ᠲᠤ ᠬᠦᠨᠳᠦᠳᠬᠡᠯ ᠦᠵᠡᠭᠦᠯᠦᠨ ᠂ ᠠᠮᠵᠢᠯᠲᠠ ᠬᠦᠰᠡᠪᠡ ᠃
ᠮᠤᠩᠭᠤᠯ ᠤᠨ ᠪᠠᠭ ᠲᠠᠮᠢᠷᠴᠢᠳ ᠨᠢ ᠳᠡᠯᠡᠬᠡᠢ ᠵᠢᠨ ᠰᠢᠲᠠᠷ᠎ᠠ ᠵᠢᠨ ᠣᠯᠢᠮᠫᠢᠶᠠᠳ᠋ ᠲᠤ 1955 ᠣᠨ ᠡᠴᠠ ᠬᠤᠢᠢᠰᠢ ᠲᠠᠰᠤᠷᠠᠯᠲᠠ ᠦᠭᠡᠢ ᠣᠷᠤᠯᠴᠠᠵᠤ ᠂ ᠣᠳᠣ ᠪᠡᠷ ᠴᠢᠨᠰᠠᠭ᠎ᠠ ᠪᠠᠷ ᠵᠢᠨᠨ ᠳᠡᠯᠡᠬᠡᠢ ᠳ᠋ᠦ 25 ᠂ ᠠᠽᠢᠶ᠎ᠠ ᠲᠢᠪ ᠲᠦ 4 ᠳ᠋ᠤᠭᠡᠷ ᠪᠠᠢᠢᠷᠢ ᠳᠤ ᠡᠷᠡᠮᠪᠡᠯᠡᠭᠳᠡᠵᠦ ᠪᠠᠢᠢᠨ᠎ᠠ ᠃
ᠡᠨᠡ ᠵᠢᠯ ᠤᠨ ᠳᠡᠯᠡᠬᠡᠢ ᠵᠢᠨ ᠰᠢᠲᠠᠷ᠎ᠠ ᠵᠢᠨ ᠣᠯᠢᠮᠫᠢᠶᠠᠳ᠋ ᠨᠢ ᠲᠠᠬᠤᠯ ᠤᠨ ᠤᠯᠠᠮ ᠡᠴᠠ ᠠᠩᠬ᠎ᠠ ᠤᠳᠠᠭ᠎ᠠ ᠴᠠᠬᠢᠮ ᠬᠡᠯᠪᠡᠷᠢ ᠪᠡᠷ ᠵᠤᠬᠢᠶᠠᠨ ᠪᠠᠢᠢᠭᠤᠯᠤᠭᠳᠠᠵᠤ ᠪᠤᠢ ᠪᠥᠭᠡᠳ ᠳᠡᠯᠡᠬᠡᠢ ᠵᠢᠨ 163 ᠤᠯᠤᠰ ᠤᠷᠤᠯᠴᠠᠵᠤ ᠪᠠᠢᠢᠭ᠎ᠠ ᠡᠴᠠ ᠮᠤᠩᠭᠤᠯ ᠤᠯᠤᠰ ᠡᠬᠢᠨ ᠪ 25 ᠤᠯᠤᠰ ᠤᠨ ᠲᠡᠷᠢᠭᠦᠨ ᠬᠡᠰᠡᠭ ᠲᠦ ᠰᠢᠯᠭᠠᠷᠠᠵᠤ ᠨᠡᠢᠢᠲᠡ 12 ᠲᠠᠮᠢᠷᠴᠢᠨ ᠥᠷᠢᠰᠦᠯᠳᠦᠬᠦ ᠶᠤᠮ ᠃