ᠮᠤᠩᠭᠤᠯ ᠵᠦᠴᠦᠭᠡᠴᠢᠳ ᠤᠨ ᠬᠤᠯᠯᠢᠸᠤᠷᠳ᠋ ᠤᠨ ᠣᠳᠤᠳ ᠲᠠᠢ ᠬᠠᠮᠲᠤᠷᠠᠨ ᠲᠤᠭᠯᠠᠭᠰᠠᠨ︽ᠵᠡᠷᠯᠢᠭ ᠤᠳ ᠊ᠢ ᠬᠦᠯᠢᠶᠡᠬᠦᠢ︾︵Waiting for the Barbarians︶ᠺᠢᠨᠣ᠋ ᠡᠨᠡ ᠰᠠᠷ᠎ᠠ ᠵᠢᠨ 21 ᠡᠴᠡ ᠮᠤᠩᠭᠤᠯ ᠤᠯᠤᠰ ᠲᠤ ᠠᠯᠪᠠᠨ ᠶᠤᠰᠤᠨ ᠪ ᠡᠷᠬᠡ ᠲᠠᠢ ᠪᠠᠷ ᠭᠠᠷᠬᠤ ᠪᠡᠷ ᠪᠣᠯᠵᠠᠢ ᠃ ᠲᠤᠰ ᠺᠢᠨᠣ᠋ ᠳ᠋ᠤ ᠵᠦᠴᠦᠭᠡᠴᠢᠨ ᠂ ᠮᠤᠲᠧᠯ ᠪ᠊ · ᠭᠠᠩᠴᠢᠮᠡᠭ ᠭᠤᠤᠯ ᠳᠦᠷᠢ ᠳ᠋ᠦ ᠨᠢ ᠲᠤᠭᠯᠠᠭᠰᠠᠨ ᠪᠣᠯ ᠠᠷᠠᠳ ᠤᠨ ᠵᠦᠴᠦᠭᠡᠴᠢᠨ ᠫ᠊ · ᠴᠡᠷᠢᠨᠳᠠᠭᠪᠠ ᠂ ᠮᠤᠩᠭᠤᠯ ᠤᠯᠤᠰ ᠤᠨ ᠭᠠᠪᠢᠶᠠᠲᠤ ᠵᠦᠴᠦᠭᠡᠴᠢᠨ ᠳ᠋᠊ · ᠭᠦᠷᠰᠡᠳ ᠪᠣᠯᠤᠨ ᠭ᠊ · ᠳᠦᠯᠭᠡᠨ – ᠡᠷᠳᠡᠨᠢ ᠨᠠᠷ ᠲᠤᠰᠠᠯᠠᠬᠤ ᠳᠦᠷᠢ ᠵᠢ ᠪᠦᠲᠦᠭᠡᠵᠡᠢ ᠃ ᠮᠥᠨ ᠣᠰᠺᠠᠷ ᠤᠨ ᠱᠠᠩᠨᠠᠯᠲᠤ ᠵᠦᠴᠦᠭᠡᠴᠢᠨ ᠮᠠᠷᠺ ᠷᠠᠢᠯᠸᠨᠰ ᠂ ᠠᠯᠳᠠᠷᠲᠤ ᠵᠦᠴᠦᠭᠡᠴᠢᠨ ᠵᠤᠨᠨᠢ ᠳ᠋ᠸᠫᠫ ᠂ ᠷᠤᠪᠸᠷᠲ ᠫᠠᠲ᠋ᠲ᠋ᠢᠨᠰᠤᠨ ᠨᠠᠷ ᠭᠤᠤᠯ ᠳᠦᠷᠢ ᠳ᠋ᠦ ᠬᠠᠮᠲᠤᠷᠠᠨ ᠲᠤᠭᠯᠠᠵᠠᠢ ᠃
ᠡᠵᠡᠨᠲᠦ ᠭᠦᠷᠦᠨ ᠪ ᠬᠢᠯᠢ ᠣᠷᠴᠢᠮ ᠥᠪᠡᠷ ᠤᠨ ᠨᠤᠲᠤᠭ ᠳᠡᠪᠢᠰᠬᠡᠷ ᠳᠡᠭᠡᠷ᠎ᠡ ᠠᠮᠢᠳᠤᠷᠠᠬᠤ ᠤᠤᠭᠠᠯ ᠢᠷᠭᠡᠳ ᠊ᠢ ᠵᠡᠷᠯᠢᠭ ᠤᠳ ᠭᠡᠵᠦ ᠨᠡᠷᠡᠯᠡᠨ᠎ᠡ ᠃ ᠵᠡᠷᠯᠢᠭ ᠤᠳ ᠬᠤᠲᠠ ᠤᠷᠤᠭᠤ ᠳᠤᠪᠲᠤᠯᠤᠨᠠ ᠭᠡᠰᠡᠨ ᠬᠤᠳᠠᠯ ᠴᠤᠤ ᠶᠠᠷᠢᠶᠠᠨ ᠡᠴᠠ ᠡᠭᠦᠳᠴᠦ᠂ ᠡᠵᠡᠨᠲᠦ ᠭᠦᠷᠦᠨ ᠪ ᠴᠡᠷᠢᠭ ᠦᠳ ᠲᠤᠰ ᠪᠦᠰᠡ ᠨᠤᠲᠤᠭ ᠲᠤ ᠢᠷᠠᠵᠤ ᠂ ᠵᠡᠷᠯᠢᠭ ᠦᠳ ᠊ᠢ ᠲᠠᠮᠤᠯᠠᠨ ᠵᠤᠪᠠᠭᠠᠳᠠᠭ ᠃ ᠬᠠᠷᠢᠨ ᠡᠵᠡᠨᠲᠦ ᠭᠦᠷᠦᠨ ᠪ ᠮᠡᠳᠡᠯ ᠦᠨ ᠬᠤᠲᠠ ᠤᠷᠤᠭᠤ ᠵᠡᠷᠯᠢᠭ ᠤᠳ ᠬᠡᠵᠢᠶ᠎ᠡ ᠴᠦ ᠲᠥᠯᠦᠪᠯᠡᠭᠡ ᠦᠭᠡᠢ ᠳᠤᠪᠲᠤᠯᠤᠭᠠᠨ ᠳᠤ ᠪᠡᠯᠡᠳᠬᠡᠨ᠎ᠡ ᠃ ᠬᠤᠲᠠ ᠵᠡᠷᠯᠢᠭ ᠤᠳ ᠊ᠢ ᠬᠦᠯᠢᠶᠡᠨ᠎ᠡ ᠃ ᠡᠴᠦᠰ ᠲᠦ ᠨᠢ ᠵᠢᠩᠬᠢᠨᠢ ᠵᠡᠷᠯᠢᠭ ᠨᠢ ᠬᠡᠨ ᠪᠤᠢ ᠭᠡᠳᠡᠭ ᠊ᠢ ᠣᠢᠢᠯᠠᠭᠠᠭᠤᠯᠬᠤ ᠪᠣᠯᠤᠨ᠎ᠠ ᠃ ᠥᠭᠡᠷ᠎ᠡ ᠪᠡᠷ ᠬᠡᠯᠡᠪᠡᠯ ᠂ ᠰᠤᠶᠤᠯᠴᠢ ᠨᠡᠢᠢᠭᠡᠮ ᠵᠢᠨᠷ ᠬᠠᠯᠬᠠᠯᠠᠭᠰᠠᠨ ᠵᠢᠩᠬᠢᠨᠢ ᠵᠡᠷᠯᠢᠭ ᠤᠳ ᠤᠨ ᠲᠤᠬᠠᠢ ᠡᠨᠡ ᠺᠢᠨᠣ᠋ ᠳ᠋ᠤ ᠥᠭᠦᠯᠡᠬᠦ ᠪᠣᠯᠤᠨ᠎ᠠ ᠃