ᠬᠢᠲᠠᠳ ᠲᠤ ᠲᠠᠬᠤᠯ ᠭᠠᠷᠴᠤ ᠡᠬᠢᠯᠡᠬᠦ ᠦᠶ᠎ᠡ ᠳ᠋ᠦ ᠮᠤᠩᠭᠤᠯ ᠤᠯᠤᠰ ᠤᠨ ᠬᠠᠨᠳᠢᠪ ᠲᠤᠰᠠᠯᠠᠮᠵᠢ ᠪᠣᠯᠭᠠᠨ ᠥᠭᠭᠦᠭᠰᠡᠨ 30 ᠮᠢᠩᠭᠠᠨ ᠬᠤᠨᠢᠨ ᠪ ᠲᠤᠬᠠᠢ ᠬᠢᠲᠠᠳ ᠤᠨ ᠤᠷᠠᠨ ᠪᠦᠲᠦᠭᠡᠯᠴᠢᠳ ᠪᠠᠷᠢᠮᠲᠠᠲᠤ ᠺᠢᠨᠣ᠋ ᠬᠢᠬᠦ ᠪᠡᠷ ᠪᠣᠯᠵᠠᠢ ᠃
ᠥᠴᠦᠭᠡᠳᠦᠷ ᠬᠢᠲᠠᠳ ᠤᠯᠤᠰ ᠲᠤ ᠲᠤᠰ ᠪᠠᠷᠢᠮᠲᠠᠲᠤ ᠺᠢᠨᠣ᠋ ᠵᠢᠨ ᠵᠢᠷᠤᠭ ᠠᠪᠤᠯᠲᠠ ᠵᠢ ᠠᠯᠪᠠᠨ ᠶᠤᠰᠣ ᠪᠡᠷ ᠡᠬᠢᠯᠡᠭᠦᠯᠵᠦ ᠪᠠᠢᠢᠭ᠎ᠠ ᠪᠠᠨ ᠵᠠᠷᠯᠠᠭᠰᠠᠨ ᠪᠠᠢᠢᠨ᠎ᠠ᠃ ᠪᠠᠷᠢᠮᠲᠠᠲᠤ ᠺᠢᠨᠣ᠋ ᠵᠢ ᠥᠪᠥᠷ ᠮᠤᠩᠭᠤᠯ ᠤᠨ ᠥᠪᠡᠷᠲᠡᠭᠡᠨ ᠵᠠᠰᠠᠬᠤ ᠣᠷᠤᠨ ᠪ ᠬᠥᠭᠵᠢᠮ ᠤᠨ ᠵᠤᠬᠢᠶᠠᠯᠴᠢ᠂ ᠫᠷᠤᠳᠢᠤᠰᠸᠷ ᠳ᠋᠊·ᠡᠩᠬᠡᠪᠠᠶᠠᠷ ᠰᠠᠨᠠᠭᠠᠴᠢᠯᠠᠭᠰᠠᠨ ᠭᠡᠨ᠎ᠡ᠃ ᠬᠠᠷᠢᠨ ᠺᠢᠨᠣ᠋ ᠵᠢᠨ ᠨᠠᠢᠢᠷᠠᠭᠤᠯᠤᠭᠴᠢ ᠪᠠᠷ︽ᠴᠢᠨᠦᠨ ᠰᠦᠯᠳᠡ︾ᠺᠢᠨᠣ᠋ ᠵᠢᠨ ᠲᠤᠰᠠᠯᠠᠬᠤ ᠨᠠᠢᠢᠷᠠᠭᠤᠯᠤᠭᠴᠢ ᠪᠠᠷ ᠠᠵᠢᠯᠯᠠᠭᠰᠠᠨ ᠳ᠋᠊·ᠨᠠᠩᠵᠢᠳ ᠪᠣᠯᠤᠨ ᠨᠠᠢᠢᠷᠠᠭᠤᠯᠤᠭᠴᠢ ᠴᠢᠩ ᠵᠤᠣ ᠠᠵᠢᠯᠯᠠᠬᠤ ᠪᠡᠷ ᠪᠣᠯᠤᠭᠰᠠᠨ ᠪᠠᠢᠢᠨ᠎ᠠ ᠃ ᠲᠤᠰ ᠪᠠᠷᠢᠮᠲᠠᠲᠤ ᠺᠢᠨᠣ᠋ ᠨᠢ ᠢᠷᠡᠬᠦ ᠠᠷᠪᠠᠳᠤᠭᠠᠷ ᠰᠠᠷ᠎ᠠ ᠵᠢᠨ ᠰᠡᠭᠦᠯ ᠵᠢᠨᠷ ᠨᠡᠭᠡᠭᠡᠯᠲᠡ ᠪᠡᠨ ᠬᠢᠬᠦ ᠪᠥᠭᠡᠳ ᠵᠢᠷᠤᠭ ᠠᠪᠤᠯᠲᠠ ᠵᠢ ᠮᠤᠩᠭᠤᠯ ᠤᠨ 21 ᠠᠢᠢᠮᠠᠭ ᠤᠨ ᠮᠠᠯᠴᠢᠨ ᠪ ᠬᠤᠲᠠ ᠳᠤ ᠬᠢᠬᠦ ᠪᠡᠷ ᠲᠥᠯᠦᠪᠯᠡᠵᠦ ᠪᠠᠢᠢᠭ᠎ᠠ ᠶᠤᠮ᠃