ᠪᠤᠯᠠᠭᠠᠨ ᠠᠢᠢᠮᠠᠭ ᠤᠨ ᠲᠥᠪ ᠨᠤᠮ ᠤᠨ ᠰᠠᠩ Covid-19 ᠸᠢᠷᠦ᠋ᠰ ᠦᠨ ᠤᠯᠠᠮ ᠡᠴᠠ ᠣᠯᠠᠨ ᠨᠡᠢᠢᠲᠡ ᠳ᠋ᠦ ᠦᠵᠡᠭᠦᠯᠬᠦ ᠦᠢᠯᠡᠴᠢᠯᠡᠭᠡ ᠬᠢᠵᠠᠭᠠᠷᠯᠠᠭᠳᠠᠭᠰᠠᠨ ᠴᠦ ᠴᠠᠬᠢᠮ ᠬᠡᠯᠪᠡᠷᠢ ᠪᠡᠷ ᠤᠩᠰᠢᠭᠴᠢᠳ ᠲᠤ ᠦᠢᠯᠡᠴᠢᠯᠡᠵᠦ ᠂ ᠰᠤᠮᠤ ᠵᠢᠨ ᠨᠤᠮ ᠤᠨ ᠰᠠᠩᠴᠢᠳ ᠲᠤ ᠮᠡᠷᠭᠡᠵᠢᠯ ᠠᠷᠭ᠎ᠠ ᠵᠦᠢ ᠵᠢᠨ ᠵᠥᠪᠯᠡᠯᠭᠡ ᠥᠭᠴᠦ ᠪᠠᠢᠢᠨ᠎ᠠ᠃ ᠪᠠᠶᠠᠨ ᠠᠭᠲᠠ ᠰᠤᠮᠤ ᠵᠢᠨ ᠨᠤᠮ ᠦᠨ ᠰᠠᠩ ᠤᠨ ᠨᠤᠮ ᠤᠨ ᠳᠠᠬᠢᠨ ᠦᠨᠡᠯᠡᠭᠡ ᠬᠢᠬᠦ ᠂ ᠳᠠᠩᠰᠠ ᠂ ᠫᠷᠦᠭᠷᠡᠮ ᠦᠨ ᠰᠢᠨᠡᠴᠢᠯᠡᠯ ᠊ᠢ ᠡᠬᠢᠯᠡᠭᠦᠯᠵᠦ ᠮᠡᠷᠭᠡᠵᠢᠯ ᠠᠷᠭ᠎ᠠ ᠵᠦᠢ ᠪᠡᠷ ᠵᠦᠪᠯᠡᠨ ᠲᠤᠰᠠᠯᠠᠵᠠᠢ ᠃
– ᠨᠤᠮ ᠤᠨ ᠰᠠᠩ ᠤᠨ ᠦᠢᠯᠡᠴᠢᠯᠡᠭᠡ ᠵᠢ ᠴᠠᠬᠢᠮᠵᠢᠭᠤᠯᠬᠤ ᠂ ᠳᠠᠩᠰᠠ ᠪᠦᠷᠢᠳᠬᠡᠯ ᠊ᠢ ᠰᠠᠢᠢᠵᠢᠷᠠᠭᠤᠯᠬᠤ ᠳᠤ ᠲᠤᠰ ᠰᠤᠮᠤ ᠵᠢᠨ ᠰᠤᠶᠤᠯ ᠤᠨ ᠲᠥᠪ ᠤᠨ ᠡᠷᠬᠢᠯᠡᠭᠴᠢ ᠬ᠊ · ᠭᠠᠩᠰᠦ᠋ᠬᠡ᠂ ᠨᠤᠮ ᠤᠨ ᠰᠠᠩᠴᠢ ᠳ᠋᠊ · ᠠᠯᠢᠮ᠎ᠠ ᠰᠡᠳᠬᠢᠯ ᠵᠢᠳᠬᠦᠯ ᠭᠠᠷᠭᠠᠨ ᠠᠵᠢᠯᠯᠠᠵᠤ ᠪᠠᠢᠢᠨ᠎ᠠ ᠃ ᠣᠷᠤᠨ ᠨᠤᠲᠤᠭ ᠤᠨ ᠨᠤᠮ ᠦᠨ ᠰᠠᠩ ᠤᠳ ᠊ᠢ ᠮᠡᠷᠭᠡᠵᠢᠯ ᠠᠷᠭ᠎ᠠ ᠵᠦᠢ ᠪᠡᠷ ᠵᠥᠪᠯᠡᠨ ᠲᠤᠰᠠᠯᠠᠬᠤ ᠠᠵᠢᠯ ᠤᠨ ᠬᠦᠷᠢᠶᠡᠨ ᠳ᠋ᠦ ᠰᠤᠮᠤ ᠂ ᠰᠤᠷᠭᠠᠭᠤᠯᠢ ᠵᠢᠨ ᠨᠤᠮ ᠤᠨ ᠰᠠᠩᠴᠢᠳ ᠤᠨ ᠴᠠᠬᠢᠮ ᠭᠷᠦ᠋ᠫ ᠨᠡᠭᠡᠭᠡᠵᠦ ᠯᠠᠪᠯᠠᠯᠭ᠎ᠠ ᠂ ᠨᠤᠮ ᠤᠨ ᠰᠠᠩ ᠤᠨ ᠠᠩᠬᠠᠨ ᠱᠠᠲᠤᠨ ᠪ ᠪᠦᠷᠢᠳᠬᠡᠯ ᠬᠥᠲᠦᠯᠦᠯᠲᠡ ᠵᠢ ᠰᠠᠢᠢᠵᠢᠷᠠᠭᠤᠯᠬᠤ ᠠᠵᠢᠯ ᠊ᠢ ᠵᠤᠬᠢᠶᠠᠨ ᠪᠠᠢᠢᠭᠤᠯᠵᠤ ᠪᠠᠢᠢᠨ᠎ᠠ ᠃ ᠡᠨᠡ ᠠᠵᠢᠯ ᠊ᠢ ᠪᠤᠯᠠᠭᠠᠨ ᠰᠤᠮᠤ ᠵᠢᠨ ᠰᠤᠶᠤᠯ ᠤᠨ ᠣᠷᠳᠤᠨ ᠪ ᠨᠤᠮ ᠤᠨ ᠰᠠᠩ ᠤᠨ ᠠᠩᠬᠠᠨ ᠱᠠᠲᠤᠨ ᠪ ᠪᠦᠷᠢᠳᠬᠡᠯ ᠬᠦᠲᠦᠯᠦᠯᠲᠡ ᠂ ᠨᠤᠮ ᠵᠦᠢ ᠵᠢᠨ ᠪᠢᠴᠢᠯᠲᠡ ᠶᠢ ᠰᠢᠨᠡᠴᠢᠯᠡᠬᠦ ᠂ ᠠᠦ᠋ᠲ᠋ᠤᠮᠠᠲᠵᠢᠭᠤᠯᠬᠤ ᠳᠤ ᠮᠡᠷᠭᠡᠵᠢᠯ ᠠᠷᠭ᠎ᠠ ᠵᠦᠢ ᠪᠡᠷ ᠵᠥᠪᠯᠡᠨ ᠲᠤᠰᠠᠯᠠᠵᠤ ᠡᠬᠢᠯᠡᠭᠰᠡᠨ ᠃ ᠣᠳᠣ ᠣᠷᠤᠨ ᠨᠤᠲᠤᠭ ᠤᠨ ᠨᠤᠮ ᠤᠨ ᠰᠠᠩ ᠤᠨ ᠠᠵᠢᠯᠲᠠᠳ ᠲᠤ ᠵᠥᠪᠯᠡᠨ ᠲᠤᠰᠠᠯᠠᠵᠤ ᠪᠠᠢᠢᠨ᠎ᠠ ᠭᠡᠵᠦ ᠠᠢᠢᠮᠠᠭ ᠤᠨ ᠲᠥᠪ ᠨᠤᠮ ᠤᠨ ᠰᠠᠩ ᠤᠨ ᠨᠤᠮ ᠤᠨ ᠰᠠᠩᠴᠢ ᠲ᠊ · ᠮᠥᠩᠭᠦᠨᠲᠤᠶᠠᠭ᠎ᠠ ᠶᠠᠷᠢᠯ᠎ᠠ ᠃