ᠪᠦᠭᠦᠳᠡ ᠨᠠᠢᠢᠷᠠᠮᠳᠠᠬᠤ ᠰᠤᠯᠤᠩᠭᠤᠰ ᠤᠯᠤᠰ ᠤᠨ ᠰᠸᠦ᠋ᠯ ᠬᠤᠲᠠ ᠵᠢᠨ ᠭᠠᠨᠢᠨᠠᠮ ᠳᠡᠭᠦᠷᠭᠡ ᠨᠢ ᠳᠡᠯᠡᠬᠡᠢ ᠳ᠋ᠠᠬᠢᠨ᠎ᠠ ᠪᠠᠶᠠᠴᠤᠳ ᠤᠨ ᠬᠤᠷᠢᠶᠠᠯᠠᠯ ᠭᠡᠳᠡᠭ ᠵᠢᠨᠷ ᠵᠢᠨᠨ ᠠᠯᠳᠠᠷᠲᠠᠢ ᠃ ᠲᠡᠭᠡᠪᠡᠯ ᠪᠦᠭᠦᠳᠡ ᠨᠠᠢᠢᠷᠠᠮᠳᠠᠬᠤ ᠰᠤᠯᠤᠩᠭᠤᠰ ᠤᠯᠤᠰ ᠤᠨ Hankyung.com ᠰᠠᠢᠢᠲ ᠨᠢᠭᠡᠨ ᠨᠡᠢᠢᠲᠡᠯᠡᠯ ᠳ᠋ᠦ ᠪᠡᠨ ᠮᠤᠩᠭᠤᠯ ᠤᠨ ᠰᠠᠢᠢᠳ ᠭᠠᠨᠢᠨᠠᠮ ᠳᠡᠭᠦᠷᠭᠡ ᠳ᠋ᠦ ᠭᠤᠷᠪᠠᠨ ᠪᠠᠢᠢᠷᠢ ᠲᠠᠢ ᠲᠠᠯ᠎ᠠ ᠪᠡᠷ 07.24 ᠤ ᠮᠡᠳᠡᠭᠡᠯᠡᠯ ᠢᠶᠠᠷ ᠢᠶᠠᠨ ᠣᠨᠴᠠᠯᠠᠭᠰᠠᠨ ᠨᠢ ᠠᠩᠬᠠᠷᠤᠯ ᠲᠠᠲᠠᠭᠠᠳ ᠪᠠᠢᠢᠨ᠎ᠠ ᠃ ᠨᠡᠢᠢᠲᠡᠯᠡᠯ ᠳ᠋ᠦ ᠳᠤᠷᠠᠳᠤᠭᠰᠠᠨ ᠵᠢᠨᠷ ᠮᠤᠩᠭᠤᠯ ᠤᠨ ᠰᠠᠢᠢᠳ ᠺᠣᠷᠤᠨᠠ ᠸᠢᠷᠦ᠋ᠰ ᠦᠨ ᠤᠯᠠᠮ ᠡᠴᠠ ᠳᠡᠯᠡᠬᠡᠢ ᠳ᠋ᠠᠬᠢᠨ ᠳᠦ ᠨᠢᠭᠤᠷᠯᠠᠵᠤ ᠪᠤᠢ ᠡᠳ᠋ ᠤᠨ ᠵᠠᠰᠠᠭ ᠤᠨ ᠬᠢᠮᠤᠷᠠᠯ ᠠᠴᠠ ᠦᠯᠦ ᠬᠠᠮᠢᠶᠠᠷᠴᠤ ᠂ ᠪᠠᠢᠢᠷᠢ ᠨᠤᠭᠤᠳ ᠵᠢᠨᠨ ᠬᠤᠳᠠᠯᠳᠤᠬᠤ ᠬᠦᠰᠡᠯ ᠦᠭᠡᠢ ᠪᠤᠢ ᠪᠠᠨ ᠢᠯᠡᠷᠬᠡᠢᠢᠯᠡᠭᠰᠡᠨ ᠭᠡᠬᠦ ᠃ ᠳᠡᠯᠡᠬᠡᠢ ᠵᠢᠨ ᠬᠠᠮᠤᠭ ᠤᠨ ᠠᠶᠤᠯ ᠦᠭᠡᠢ ᠳᠡᠭᠦᠷᠭᠡ ᠨᠦᠭᠥᠳ ᠤᠨ ᠨᠢᠭᠡ ᠳ᠋ᠦ ᠲᠤᠭᠠᠴᠠᠭᠳᠠᠳᠠᠭ ᠲᠤᠰ ᠳᠡᠭᠦᠷᠭᠡ ᠳ᠋ᠦ ᠭᠤᠷᠪᠠᠨ ᠪᠠᠢᠢᠷᠢ ᠬᠤᠳᠠᠯᠳᠤᠨ ᠠᠪᠤᠭᠰᠠᠨ ᠮᠤᠩᠭᠤᠯ ᠤᠨ ᠰᠠᠢᠢᠳ ᠬᠡᠨ ᠪᠠᠢᠢᠪᠠ ᠃ ᠤᠭ ᠰᠠᠢᠢᠳ ᠨᠢ 2016 ᠣᠨ ᠡᠴᠠ ᠬᠤᠢᠢᠰᠢᠬᠢ ᠵᠠᠰᠠᠭ ᠤᠨ ᠭᠠᠵᠠᠷ ᠲᠤ ᠪᠠᠭᠲᠠᠵᠤ ᠪᠠᠢᠢᠪᠠ ᠦᠦ ᠂ ᠥᠨᠦ ᠵᠢᠨ ᠰᠢᠨ᠎ᠡ ᠵᠠᠰᠠᠭ ᠤᠨ ᠪᠦᠷᠢᠯᠳᠦᠬᠦᠨ ᠳ᠋ᠦ ᠣᠷᠤᠭᠰᠠᠨ ᠦᠦ ᠭᠡᠳᠡᠭ ᠨᠢ ᠲᠤᠳᠤᠷᠬᠠᠢ ᠦᠭᠡᠢ ᠬᠡᠪ ᠵᠢᠨᠷ ᠪᠠᠢᠢᠭ᠎ᠠ ᠶᠤᠮ ᠃ ᠭᠤᠤᠯ ᠨᠢ ᠂ ᠬᠤᠳᠠᠯᠳᠤᠨ ᠠᠪᠤᠭᠰᠠᠨ ᠪᠠᠢᠢᠷᠢ ᠪᠠᠨ ᠬᠥᠷᠦᠩᠭᠡ ᠂ ᠣᠷᠤᠯᠭ᠎ᠠ ᠵᠢᠨ ᠮᠡᠳᠡᠭᠦᠯᠭᠡ ᠳ᠋ᠦ ᠪᠡᠨ ᠮᠡᠳᠡᠭᠦᠯᠦᠭᠰᠡᠨ ᠡᠰᠡᠬᠦ ᠨᠢ ᠶᠡᠬᠡᠬᠡᠨ ᠴᠢᠬᠤᠯᠠ ᠠᠰᠠᠭᠤᠳᠠᠯ ᠪᠢᠯᠡ ᠃
ᠤᠭ ᠠᠰᠠᠭᠤᠳᠠᠯ ᠵᠢᠨᠷ ᠮᠤᠩᠭᠤᠯ ᠤᠨ ᠠᠪᠯᠢᠭ᠎ᠠ ᠲᠠᠢ ᠲᠡᠮᠡᠴᠡᠬᠦ ᠭᠠᠵᠠᠷ ᠡᠴᠠ ᠪᠦᠭᠦᠳᠡ ᠨᠠᠢᠢᠷᠠᠮᠳᠠᠬᠤ ᠰᠤᠯᠤᠩᠭᠤᠰ ᠤᠯᠤᠰ ᠤᠨ ᠲᠠᠯ᠎ᠠ ᠳᠤ ᠠᠯᠪᠠᠨ ᠶᠤᠰᠣ ᠪᠡᠷ ᠬᠠᠨᠳᠤᠵᠤ ᠂ ᠬᠤᠯᠪᠣᠭᠳᠠᠬᠤ ᠮᠡᠳᠡᠭᠡᠯᠡᠯ ᠊ᠢ ᠠᠪᠬᠤ ᠂ ᠱᠠᠭᠠᠷᠳᠠᠯᠭ᠎ᠠ ᠲᠠᠢ ᠲᠤᠬᠢᠶᠠᠯᠳᠤᠯ ᠳᠤ ᠮᠥᠷᠳᠡᠨ ᠰᠢᠯᠭᠠᠬᠤ ᠦᠢᠯᠡ ᠠᠵᠢᠯᠯᠠᠭ᠎ᠠ ᠶᠠᠪᠤᠭᠤᠯᠬᠤ ᠪᠤᠯᠤᠮᠵᠢᠲᠠᠢ ᠃ ᠠᠪᠯᠢᠭ᠎ᠠ ᠲᠠᠢ ᠲᠡᠮᠡᠴᠡᠬᠦ ᠭᠠᠵᠠᠷ ᠤᠨ ᠠᠵᠢᠯᠯᠠᠵᠤ ᠪᠣᠯᠬᠤ ᠰᠡᠳᠦᠯ ᠊ᠢ ᠰᠠᠨᠠᠭᠠᠨ ᠳ᠋ᠦ ᠦᠭᠡᠢ ᠪᠠᠢᠢᠳᠠᠯ ᠵᠢᠨᠷ ᠰᠤᠯᠤᠩᠭᠤᠰ ᠤᠨ ᠬᠡᠪᠯᠡᠯ ᠭᠠᠷᠭᠠᠵᠤ ᠰᠢᠳᠡᠭᠰᠡᠨ ᠴᠦ ᠪᠠᠢᠢᠵᠤ ᠪᠣᠯᠬᠤ ᠃ ᠶᠡᠬᠡ ᠯᠡ ᠰᠤᠨᠢᠨ ᠰᠡᠵᠢᠭᠦᠷ ᠶᠤᠮ ᠃