ᠼᠢᠷᠺᠴᠢᠨ ᠮ᠊·ᠮᠢᠭᠮᠠᠷᠰᠠᠢᠬᠠᠨ 15 ᠵᠢᠯ ᠤᠨ ᠡᠮᠦᠨ᠎ᠡ ᠡᠴᠡ ᠭᠢᠨᠢᠰ ᠤᠨ 25 ᠤᠳᠠᠭᠠᠨ ᠪ ᠠᠮᠵᠢᠯᠲᠠ ᠡᠵᠡᠮᠰᠢᠭᠴᠢ᠂ ᠰᠸᠢᠰ ᠤᠨ ᠠᠯᠳᠠᠷᠲᠤ ᠵᠦᠴᠦᠭᠡᠴᠢᠨ ᠹᠷᠸᠳ᠋ᠳᠢ ᠨᠤᠭ ᠲᠠᠢ ᠬᠠᠮᠲᠤᠷᠠᠨ ᠥᠨᠳᠦᠷ ᠲᠦ ᠤᠲᠠᠰᠤᠨ ᠳᠡᠭᠡᠷᠡᠬᠢ ᠲᠡᠩᠴᠡᠪᠦᠷᠢ ᠵᠢᠨ ᠦᠵᠡᠭᠦᠯᠪᠦᠷᠢ ᠬᠢᠳᠡᠭ ᠪᠣᠯᠵᠠᠢ᠃ ᠭᠧᠷᠮᠠᠨ᠂ ᠰᠸᠢᠰ᠂ ᠪᠦᠭᠦᠳᠡ ᠨᠠᠢᠢᠷᠠᠮᠳᠠᠬᠤ ᠰᠤᠯᠤᠩᠭᠤᠰ ᠤᠯᠤᠰ ᠵᠡᠷᠭᠡ ᠤᠯᠤᠰ ᠲᠦ ᠭᠤᠤᠯ ᠮᠥᠷᠡᠨ ᠂ ᠠᠭᠤᠯᠠ ᠲᠤᠯᠤᠭᠠᠳ᠂ ᠪᠠᠢᠢᠰᠢᠩ ᠪᠠᠷᠢᠯᠭ᠎ᠠ ᠳᠡᠭᠡᠭᠦᠷ ᠶᠠᠮᠠᠷ ᠴᠦ ᠪᠡᠬᠢᠯᠡᠭᠡ ᠦᠭᠡᠢ ᠂ ᠡᠷᠡᠰᠳᠡᠯ ᠲᠠᠢ ᠦᠵᠡᠭᠦᠯᠪᠦᠷᠢ ᠲᠤᠯᠢᠯᠠᠭᠤᠯᠵᠤ ᠪᠠᠢᠢᠭᠰᠠᠨ ᠲᠡᠷᠡ ᠪᠡᠷ ᠥᠩᠭᠡᠷᠡᠭᠰᠡᠨ ᠵᠢᠯ ᠮᠤᠩᠭᠤᠯ ᠳᠦ ᠠᠩᠬ᠎ᠠ ᠤᠳᠠᠭ᠎ᠠ ᠤᠯᠠᠭᠠᠨ ᠴᠢᠳᠬᠤᠯᠠᠩ ᠬᠦᠷᠬᠢᠷ᠎ᠡ ᠳᠡᠭᠡᠭᠦᠷ 28 ᠮᠧᠲ᠋ᠷ ᠤᠨ ᠥᠨᠳᠦᠷ ᠲᠦ ᠲᠠᠲᠠᠭᠰᠠᠨ 57 ᠮᠧᠲ᠋ᠷ ᠤᠷᠲᠤ ᠤᠯᠤᠰᠤ ᠪᠠᠷ ᠠᠮᠵᠢᠯᠲᠠᠲᠠᠢ ᠠᠯᠬᠤᠭᠰᠠᠨ ᠶᠤᠮ ᠃ ᠠᠮᠢ ᠂ ᠡᠷᠡᠭᠦᠯ ᠮᠡᠨᠳᠦ ᠳ᠋ᠦ ᠡᠷᠡᠰᠳᠡᠯ ᠲᠠᠢ ᠡᠨᠡ ᠦᠵᠡᠭᠦᠯᠪᠦᠷᠢ ᠵᠢ ᠬᠢᠬᠦ ᠪᠣᠯᠤᠭᠰᠠᠨ ᠨᠢ ᠮᠤᠩᠭᠤᠯ ᠬᠥᠮᠦᠨ ᠪ ᠦᠨ᠎ᠡ ᠴᠡᠨ᠎ᠡ ᠵᠢ ᠢᠯᠡᠭᠦᠦ ᠮᠡᠳᠡᠷᠡᠭᠦᠯᠬᠦ ᠵᠤᠷᠢᠯᠭ᠎ᠠ ᠲᠠᠢ ᠭᠡᠰᠡᠨ ᠃
ᠲᠡᠭᠡᠪᠡᠯ ᠲᠡᠷᠡ ᠪᠡᠷ ᠢᠷᠡᠬᠦ ᠨᠠᠢᠮᠠᠳᠤᠭᠠᠷ ᠰᠠᠷ᠎ᠠ ᠵᠢᠨ 8 ᠳ᠋ᠦ ᠴᠢᠯᠠᠭᠤᠲᠤ ᠵᠢᠨ ᠬᠠᠪᠴᠢᠯ ᠳᠡᠭᠡᠭᠦᠷ 50 ᠮᠧᠲ᠋ᠷ ᠤᠨ ᠥᠨᠳᠦᠷ ᠲᠦ 130 ᠮᠧᠲ᠋ᠷ ᠤᠷᠲᠤ ᠤᠲᠠᠰᠤ ᠲᠠᠲᠠᠵᠤ ᠠᠯᠬᠤᠬᠤ ᠭᠡᠵᠦ ᠪᠠᠢᠢᠨ᠎ᠠ ᠃ ᠡᠨᠡ ᠲᠤᠬᠠᠢ ᠪᠠᠨ︽ᠪᠢ ᠬᠡᠳᠦᠢᠢᠪᠡᠷ ᠤᠲᠠᠰᠤᠨ ᠳᠡᠭᠡᠷ᠎ᠡ ᠭᠠᠭᠴᠠᠭᠠᠷ ᠵᠢᠨᠨ ᠶᠠᠪᠤᠳᠠᠭ ᠴᠦ ᠬᠠᠮᠲᠤ ᠣᠯᠠᠨ ᠮᠢᠨᠢ ᠲᠦᠰᠢᠭ ᠲᠤᠯᠭᠠᠭᠤᠷᠢ ᠪᠣᠯᠵᠤ᠂ ᠬᠠᠮᠠᠭᠠᠯᠠᠳᠠᠭ᠃ ᠲᠧᠭᠨᠢᠭ ᠤᠨ ᠠᠶᠤᠯᠭᠦᠢ ᠪᠠᠢᠢᠳᠠᠯ᠂ ᠣᠯᠠᠨ ᠵᠢᠯ ᠤᠨ ᠲᠤᠷᠰᠢᠯᠭ᠎ᠠ᠂ ᠪᠠᠢᠢᠩᠭᠤ ᠵᠢᠨ ᠪᠡᠯᠡᠳᠬᠡᠯ ᠨᠡᠢᠢᠯᠡᠵᠦ ᠡᠨᠡ ᠪᠦᠬᠦᠨ ᠊ᠢ ᠪᠤᠢ ᠪᠣᠯᠭᠠᠳᠠᠭ ᠃ ᠡᠨᠡ ᠪᠣᠯ ᠳᠡᠯᠡᠬᠡᠢ ᠳ᠋ᠦ ᠲᠦᠭᠡᠭᠰᠡᠨ ᠡᠺᠰᠲᠸᠷᠡᠮ ᠪᠥᠭᠡᠳ ᠮᠡᠷᠭᠡᠵᠢᠯ ᠦᠨ ᠦᠵᠡᠭᠦᠯᠪᠦᠷᠢ ᠃ ᠪᠢ ᠡᠬᠡ ᠣᠷᠤᠨ ᠳᠤ ᠪᠠᠨ ᠴᠢᠳᠠᠳᠠᠭ ᠵᠦᠢᠯ ᠵᠢᠨᠨ ᠬᠢᠵᠦ ᠂ ᠲᠡᠭᠦᠨ ᠵᠢᠨᠷ ᠵᠢᠨᠨ ᠳᠠᠮᠵᠢᠭᠤᠯᠵᠤ ᠰᠤᠷᠲᠠᠯᠴᠢᠯᠠᠮᠠᠷ ᠪᠠᠢᠢᠨ᠎ᠠ ᠃ ᠮᠤᠩᠭᠤᠯ ᠤᠨ ᠰᠠᠢᠢᠬᠠᠨ ᠪᠠᠢᠢᠭᠠᠯᠢ ᠵᠢ ᠡᠺᠰᠲᠸᠷᠡᠮ ᠦᠵᠡᠭᠦᠯᠪᠤᠷᠢ ᠵᠢᠨ ᠪᠢᠴᠢᠯᠭᠡ ᠦᠵᠡᠩᠭᠡᠨ ᠭᠠᠳᠠᠭᠠᠳᠤ ᠵᠢᠨ ᠬᠢᠨ ᠴᠦ ᠪᠠᠰᠠ ᠬᠠᠷᠠᠭ ᠯᠡ ᠳ᠋ᠡ ᠃ ᠲᠡᠷᠡ ᠡᠳᠦᠷ skywalk ᠪᠤᠶᠤ ᠤᠲᠠᠰᠤᠨ ᠳᠡᠭᠡᠷᠡᠬᠢ ᠲᠡᠩᠴᠡᠪᠦᠷᠢ ᠵᠢᠨ ᠦᠵᠡᠭᠦᠯᠪᠦᠷᠢ ᠡᠴᠡ ᠭᠠᠳᠠᠨ᠎ᠠ ᠼᠢᠷᠺ ᠤᠨ ᠲᠤᠭᠯᠠᠯᠲᠠ ᠴᠦ ᠪᠣᠯᠤᠨ᠎ᠠ ᠭᠡᠪᠡ ᠃