ᠲᠤᠯᠭᠤᠷ ᠲᠥᠷᠦ ᠵᠢᠨ 2229᠂ ᠶᠡᠬᠡ ᠮᠤᠩᠭᠤᠯ ᠤᠯᠤᠰ ᠪᠠᠢᠢᠭᠤᠯᠤᠭᠳᠠᠭᠰᠠᠨ ᠪ 814᠂ ᠦᠨᠳᠦᠰᠦᠨ ᠦ ᠡᠷᠬᠡ ᠴᠢᠯᠦᠭᠡ ᠲᠤᠰᠠᠭᠠᠷ ᠲᠤᠭᠲᠠᠨᠢᠯ ᠢᠶᠠᠨ ᠰᠡᠷᠭᠦᠭᠡᠭᠰᠡᠨ ᠦ 109᠂ ᠠᠷᠠᠳ ᠦᠨ ᠬᠤᠪᠢᠰᠬᠠᠯ ᠤᠨ 99᠂ ᠠᠷᠠᠳᠴᠢᠯᠠᠭᠰᠠᠨ ᠬᠤᠪᠢᠰᠬᠠᠯ ᠤᠨ 30 ᠵᠢᠯ ᠤᠨ ᠣᠢ᠂ ᠦᠨᠳᠦᠰᠦᠨ ᠪ ᠶᠡᠬᠡ ᠪᠠᠶᠠᠷ ᠨᠠᠭᠠᠳᠤᠮ ᠤᠨ ᠲᠤᠢᠢᠮᠣ ᠵᠢ ᠬᠦᠷᠭᠡᠵᠦ ᠪᠠᠢᠢᠨ᠎ᠠ᠃ ᠲᠠᠬᠤᠯ ᠤᠨ ᠤᠯᠠᠮ ᠡᠴᠠ ᠰᠤᠶᠤᠯ ᠤᠷᠠᠯᠢᠭ᠂ ᠰᠫᠣᠷᠲ ᠤᠨ ᠣᠯᠠᠨ ᠠᠷᠭ᠎ᠠ ᠬᠡᠮᠵᠢᠶ᠎ᠡ ᠵᠢ ᠴᠤᠴᠠᠯᠠᠨ ᠬᠥᠯ ᠬᠤᠷᠢᠭ᠎ᠠ ᠲᠤᠭᠲᠠᠭᠠᠭᠠᠳ ᠪᠠᠢᠢᠭ᠎ᠠ ᠴᠦ ᠦᠨᠳᠦᠰᠦᠨ ᠪ ᠶᠡᠬᠡ ᠪᠠᠶᠠᠷ ᠨᠠᠭᠠᠳᠤᠮ ᠵᠢᠨᠨ ᠦᠵᠡᠭᠴᠢ ᠦᠭᠡᠢ ᠴᠠᠬᠢᠮ ᠵᠢᠨᠷ ᠰᠢᠭᠤᠳ ᠳᠠᠮᠵᠢᠭᠤᠯᠤᠨ ᠬᠦᠷᠭᠡᠬᠦ ᠰᠢᠢᠳᠪᠦᠷᠢ ᠵᠢ ᠤᠯᠤᠰ ᠤᠨ ᠤᠨᠴᠠᠭᠠᠢ ᠺᠤᠮᠢᠰ ᠡᠴᠠ ᠭᠠᠷᠭᠠᠨ ᠦᠨᠳᠦᠰᠦᠨ ᠪ ᠶᠡᠬᠡ ᠪᠠᠶᠠᠷ ᠨᠠᠭᠠᠳᠤᠮ ᠤᠨ ᠬᠥᠲᠦᠯᠪᠦᠷᠢ ᠵᠢ ᠪᠠᠲᠤᠯᠠᠭᠰᠠᠨ ᠪᠢᠯᠡ᠃ ᠡᠨᠡ ᠳᠠᠭᠠᠤ ᠨᠠᠭᠠᠳᠤᠮ ᠤᠨ ᠨᠡᠭᠡᠭᠡᠯᠲᠡ᠂ ᠬᠠᠭᠠᠯᠲᠠ ᠵᠢᠨ ᠠᠷᠭ᠎ᠠ ᠬᠡᠮᠵᠢᠶ᠎ᠡ᠂ ᠬᠦᠴᠦᠲᠦ ᠪᠥᠬᠡ ᠵᠢᠨ ᠪᠠᠷᠢᠯᠳᠤᠭᠠᠨ᠂ ᠰᠤᠷ᠂ ᠱᠠᠭᠠᠢ ᠵᠢᠨ ᠬᠠᠷᠪᠤᠭ᠎ᠠ ᠲᠥᠪ ᠠᠢᠢᠮᠠᠭ ᠤᠨ ᠡᠷᠳᠡᠨᠢ ᠰᠤᠮᠤ ᠵᠢᠨ ᠨᠤᠲᠤᠭ ᠲᠠᠬᠢ ᠠᠷᠪᠠᠨ ᠭᠤᠷᠪᠠᠳᠤᠭᠠᠷ ᠵᠠᠭᠤᠨ ᠴᠤᠭᠴᠠᠯᠠᠪᠤᠷᠢ ᠳᠤ ᠵᠤᠬᠢᠶᠠᠨ ᠪᠠᠢᠢᠭᠤᠯᠤᠭᠳᠠᠭᠰᠠᠨ ᠪᠣᠯ ᠬᠤᠷᠳᠤᠨ ᠮᠤᠷᠢᠳ ᠤᠨ ᠤᠷᠤᠯᠳᠤᠭᠠᠨ ᠊ᠢ ᠤᠯᠠᠮᠵᠢᠯᠠᠯ ᠶᠤᠰᠣ ᠪᠡᠷ ᠬᠦᠢ ᠳᠤᠯᠤᠭᠠᠨ ᠬᠤᠳᠳᠤᠭ ᠲᠤ ᠦᠵᠡᠭᠴᠢ ᠦᠭᠡᠢ ᠪᠡᠷ ᠵᠤᠬᠢᠶᠠᠨ ᠪᠠᠢᠢᠭᠤᠯᠤᠭᠰᠠᠨ ᠶᠤᠮ᠃ ᠨᠠᠭᠠᠳᠤᠮ ᠦᠨ ᠨᠡᠭᠡᠭᠡᠯᠲᠡ᠂ ᠬᠠᠭᠠᠯᠲᠠ᠂ ᠬᠦᠨᠳᠦᠳᠬᠡᠯ ᠤᠨ ᠲᠤᠭᠯᠠᠯᠲᠠ ᠶᠢᠨ ᠶᠡᠷᠦᠩᠬᠡᠢ ᠨᠠᠢᠢᠷᠠᠭᠤᠯᠤᠭᠴᠢ ᠪᠠᠷ︽ᠾᠸᠷᠤ᠋ ᠢᠨᠲᠸᠷᠲ᠋ᠠᠢᠮᠸᠨᠲ︾ ᠤᠨ ᠶᠡᠷᠦᠩᠬᠡᠢ ᠨᠠᠢᠢᠷᠠᠭᠤᠯᠤᠭᠴᠢ ᠪ᠊·ᠪᠠᠭᠠᠲᠤᠷ ᠠᠵᠢᠯᠯᠠᠭᠰᠠᠨ᠃
ᠰᠢᠨ᠎ᠡ ᠠᠪᠤᠷᠭᠤ ᠂ ᠰᠢᠨ᠎ᠡ ᠵᠠᠭᠠᠨ᠂ ᠭᠤᠷᠪᠠᠨ
ᠬᠠᠷᠴᠠᠭᠠᠢ ᠂ ᠳᠤᠯᠤᠭᠠᠨ ᠨᠠᠴᠢᠨ ᠲᠥᠷᠦᠯᠡ
ᠦᠨᠳᠦᠰᠦᠨ ᠪ ᠶᠡᠬᠡ ᠪᠠᠶᠠᠷ ᠨᠠᠭᠠᠳᠤᠮ ᠳᠤ 512 ᠪᠥᠬᠡ ᠪᠠᠷᠢᠯᠳᠤᠭᠰᠠᠨ ᠤ 93 ᠨᠢ ᠤᠯᠤᠰ ᠤᠨ ᠴᠤᠯᠠ ᠲᠠᠢ ᠪᠥᠬᠡ ᠪᠠᠢᠢᠪᠠ᠃ ᠤᠯᠤᠰ ᠤᠨ ᠠᠪᠤᠷᠭᠤ ᠨ᠊·ᠪᠠᠲᠤᠰᠠᠭᠤᠷᠢ ᠤᠯᠤᠰ ᠤᠨ ᠬᠠᠷᠴᠠᠭᠠᠢ ᠮ᠊·ᠪᠠᠳᠢᠷᠴᠢ ᠪᠠᠷ᠂ ᠤᠯᠤᠰ ᠤᠨ ᠠᠷᠰᠯᠠᠨ ᠫ᠊·ᠪᠦᠷᠢᠨᠲᠡᠭᠦᠰ ᠤᠯᠤᠰ ᠤᠨ ᠵᠠᠭᠠᠨ ᠪ᠊·ᠫᠦᠷᠪᠦᠰᠠᠢᠬᠠᠨ ᠢᠶᠠᠷ ᠨᠠᠢᠮᠠ ᠳᠠᠪᠠᠵᠤ᠂ ᠦᠵᠦᠭᠦᠷ ᠲᠦᠷᠦᠭᠦᠦ ᠳᠤ ᠰᠢᠯᠭᠠᠷᠠᠭᠰᠠᠨ ᠪᠥᠭᠡᠳ ᠠᠷᠰᠯᠠᠨ ᠫ᠊· ᠪᠦᠷᠢᠨᠲᠡᠭᠦᠰ ᠨ᠊·ᠪᠠᠲᠤᠰᠠᠭᠤᠷᠢ ᠠᠪᠤᠷᠭᠤ ᠪᠠᠷ ᠶᠢᠰᠦ ᠳᠠᠪᠠᠨ ᠲᠥᠷᠦ ᠵᠢᠨ ᠶᠡᠬᠡ ᠪᠠᠶᠠᠷ ᠨᠠᠭᠠᠳᠤᠮ ᠳ᠋ᠤ ᠪᠠᠨ ᠬᠤᠶᠠᠳᠠᠭᠢ ᠤᠳᠠᠭ᠎ᠠ ᠪᠠᠨ ᠲᠦᠷᠦᠭᠦᠯᠡᠨ᠂ ᠮᠤᠩᠭᠤᠯ ᠤᠯᠤᠰ ᠤᠨ 25 ᠳ᠋ᠡᠬᠢ ᠠᠪᠤᠷᠭᠤ ᠴᠤᠯᠠᠲᠠᠨ ᠲᠦᠷᠦᠭᠰᠡᠨ᠃ ᠲᠡᠷᠡ ᠬᠤᠶᠠᠭᠤᠯᠠ ᠪᠠᠨ ᠤᠪᠰᠤ ᠠᠢᠢᠮᠠᠭ ᠤᠨ ᠬᠠᠷᠢᠶᠠᠲᠤ᠂︽ᠤᠪᠰᠤ ᠨᠠᠭᠤᠷ︾ᠪᠥᠬᠡ ᠵᠢᠨ ᠳᠡᠪᠵᠢᠶᠡᠨ ᠦ ᠪᠥᠬᠡᠴᠦᠳ ᠶᠤᠮ ᠃
ᠡᠨᠡ ᠵᠢᠯ ᠤᠨ ᠦᠨᠳᠦᠰᠦᠨ ᠪ ᠶᠡᠬᠡ ᠪᠠᠶᠠᠷ ᠨᠠᠭᠠᠳᠤᠮ ᠤᠨ ᠬᠦᠴᠦᠲᠦ ᠪᠥᠬᠡ ᠵᠢᠨ ᠪᠠᠷᠢᠯᠳᠤᠭᠠᠨ ᠳ᠋ᠤ 419 ᠠᠢᠢᠮᠠᠭ᠂ ᠴᠡᠷᠢᠭ ᠤᠨ ᠴᠤᠯᠠ ᠲᠠᠢ ᠪᠣᠯᠤᠨ ᠵᠠᠯᠠᠭᠤ ᠪᠥᠬᠡᠴᠦᠳ ᠵᠤᠳᠤᠭᠯᠠᠭᠰᠠᠨ ᠶᠤᠮ᠃ ᠡᠭᠦᠨ ᠡᠴᠡ ᠠᠢᠢᠮᠠᠭ᠂ ᠴᠡᠷᠢᠭ ᠤᠨ ᠠᠷᠰᠯᠠᠨ ᠴᠤᠯᠠ ᠲᠠᠢ ᠳᠤᠯᠤᠭᠠᠨ ᠪᠥᠬᠡ ᠤᠯᠤᠰ ᠤᠨ ᠨᠠᠴᠢᠨ᠂ ᠬᠤᠶᠠᠷ ᠪᠥᠬᠡ ᠤᠯᠤᠰ ᠤᠨ ᠬᠠᠷᠴᠠᠭᠠᠢ ᠴᠤᠯᠠᠨ ᠳ᠋ᠤ ᠬᠦᠷᠦᠭᠰᠡᠨ᠃ ᠮᠥᠨ ᠤᠯᠤᠰ ᠤᠨ ᠨᠠᠴᠢᠨ ᠴ᠊·ᠣᠳᠤᠪᠠᠶᠠᠷ ᠵᠢᠷᠭᠤᠭ᠎ᠠ ᠳᠠᠪᠠᠵᠤ ᠬᠠᠷᠴᠠᠭᠠᠢ᠂ ᠤᠯᠤᠰ ᠤᠨ ᠬᠠᠷᠴᠠᠭᠠᠢ ᠮ᠊· ᠪᠠᠳᠢᠷᠴᠢ ᠳᠤᠯᠤᠭ᠎ᠠ ᠳᠠᠪᠠᠨ᠂ ᠵᠠᠭᠠᠨ ᠴᠤᠯᠠᠲᠠᠨ ᠪᠣᠯᠤᠯ᠎ᠠ᠃ ᠶᠡᠷᠦᠩᠬᠡᠢᠢᠯᠡᠭᠴᠢ ᠵᠠᠷᠯᠢᠭ ᠭᠠᠷᠭᠠᠨ᠂ ᠰᠢᠨ᠎ᠡ ᠪᠡᠷ ᠲᠥᠷᠦᠭᠰᠡᠨ ᠤᠯᠤᠰ ᠤᠨ ᠴᠤᠯᠠᠲᠠᠳ ᠪᠣᠯᠤᠨ ᠴᠤᠯᠠ ᠪᠠᠨ ᠠᠬᠢᠭᠤᠯᠤᠭᠰᠠᠨ ᠪᠥᠬᠡᠴᠦᠳ ᠲᠦ ᠤᠯᠤᠰ ᠤᠨ ᠨᠠᠴᠢᠨ ᠂ ᠬᠠᠷᠴᠠᠭᠠᠢ ᠂ ᠵᠠᠭᠠᠨ ᠴᠤᠯᠠ ᠣᠯᠭᠤᠭᠰᠠᠨ ᠶᠤᠮ ᠃
ᠵᠠᠪᠬᠠᠨ ᠂ ᠡᠮᠦᠨᠡᠭᠤᠪᠢ ᠂ ᠲᠥᠪ ᠠᠢᠢᠮᠠᠭ ᠤᠨ
ᠤᠶᠠᠭᠠᠴᠢᠳ ᠣᠳᠤᠲᠠᠢ ᠨᠠᠭᠠᠳᠤᠯ᠎ᠠ
ᠳᠤᠯᠤᠳᠤᠭᠠᠷ ᠰᠠᠷ᠎ᠠ ᠵᠢᠨ 10 ᠪ ᠡᠳᠦᠷ ᠬᠦᠢ ᠳᠤᠯᠤᠭᠠᠨ ᠬᠤᠳᠳᠤᠭ ᠲᠤ ᠰᠢᠷᠦᠭᠦᠨ ᠪᠣᠷᠤᠭᠠᠨ ᠲᠠᠢ᠂ ᠤᠷᠤᠯᠳᠤᠭᠠᠨ ᠪ ᠵᠠᠮ ᠰᠢᠪᠬᠠᠢ ᠶᠡᠬᠡᠲᠡᠢ᠂ ᠮᠤᠷᠢ ᠬᠠᠯᠲᠤᠷᠢᠬᠤ ᠂ ᠬᠡᠦᠬᠡᠳ ᠤᠨᠠᠵᠤ ᠪᠡᠷᠲᠡᠬᠦ ᠂ ᠪᠡᠭᠡᠷᠡᠬᠦ ᠡᠷᠡᠰᠳᠡᠯ ᠲᠠᠢ ᠪᠠᠢᠢᠭ᠎ᠠ ᠭᠡᠵᠦ ᠦᠵᠡᠭᠰᠡᠨ ᠲᠤᠯᠠ ᠬᠢᠵᠠᠭᠠᠯᠠᠩ᠂ ᠰᠢᠳᠦᠯᠡᠩ ᠨᠠᠰᠤᠨ ᠪ ᠬᠤᠷᠳᠤᠨ ᠮᠤᠷᠢᠳ ᠤᠨ ᠤᠷᠤᠯᠳᠤᠭᠠᠨ ᠊ᠢ ᠥᠨᠦᠳᠦᠷ︵7.13︶ᠵᠤᠬᠢᠶᠠᠨ ᠪᠠᠢᠭᠤᠯᠤᠭᠰᠠᠨ᠃
ᠠᠵᠢᠷᠭᠠᠨ ᠪ ᠤᠷᠤᠯᠳᠤᠭᠠᠨ ᠳᠦ 104 ᠬᠤᠷᠳᠤᠨ ᠠᠵᠢᠷᠭ᠎ᠠ ᠰᠢᠨᠳᠠᠰᠤ ᠪᠠᠨ ᠰᠤᠷᠢᠭᠰᠠᠨ ᠡᠴᠠ ᠲᠦᠷᠦᠭᠦᠦ ᠮᠠᠩᠨᠠᠢ ᠳᠦ ᠲᠥᠪ ᠠᠢᠢᠮᠠᠭ ᠤᠨ ᠪᠠᠶᠠᠨ ᠰᠤᠮᠤ ᠵᠢᠨ ᠬᠠᠷᠢᠶᠠᠲᠤ ᠪ᠊·ᠨᠢᠮᠠᠵᠠᠪ ᠤᠨ ᠬᠡᠭᠡᠷ ᠠᠵᠢᠷᠭ᠎ᠠ᠂ ᠠᠮᠠᠨ ᠬᠦᠵᠦᠭᠦᠨ ᠳᠦ ᠥᠪᠥᠷᠬᠠᠩᠭᠠᠢ ᠠᠢᠢᠮᠠᠭ ᠤᠨ ᠬᠤᠵᠢᠷᠲᠤ ᠰᠤᠮᠤ ᠵᠢᠨ ᠬᠠᠷᠢᠶᠠᠲᠤ ᠫ᠊·ᠪᠠᠲᠤᠰᠠᠢᠢᠬᠠᠨ ᠪ ᠬᠡᠭᠡᠷ ᠠᠵᠢᠷᠭ᠎ᠠ᠂ ᠠᠢᠢᠷᠠᠭ ᠦᠨ ᠭᠤᠷᠪᠠ ᠳᠦ᠂ ᠠᠷᠤ ᠬᠠᠩᠭᠠᠢ ᠠᠢᠢᠮᠠᠭ ᠦᠨ ᠳ᠋᠊·ᠯᠾᠬᠠᠪᠠᠰᠦ᠋ᠷᠤᠩ ᠤᠨ ᠬᠠᠷ᠎ᠠ ᠠᠵᠢᠷᠭ᠎ᠠ ᠳᠠᠪᠬᠢᠯ᠎ᠠ᠃
ᠶᠡᠬᠡ ᠨᠠᠰᠤᠨ ᠪ ᠮᠤᠷᠢᠳ ᠤᠨ ᠤᠷᠤᠯᠳᠤᠭᠠᠨ ᠳᠤ 210 ᠮᠤᠷᠢ ᠤᠷᠤᠯᠳᠤᠵᠤ᠂ ᠲᠦᠷᠦᠭᠦᠦ ᠮᠠᠩᠨᠠᠢ ᠳᠤ ᠵᠠᠪᠬᠠᠨ ᠠᠢᠢᠮᠠᠭ ᠤᠨ ᠲᠤᠰᠤᠨᠴᠡᠩᠭᠡᠯ ᠰᠤᠮᠤ ᠵᠢᠨ ᠤᠶᠠᠭᠠᠴᠢ ᠰ᠊·ᠪᠠᠶᠠᠷᠰᠠᠢᠢᠬᠠᠨ ᠪ ᠬᠠᠯᠢᠭᠤᠨ ᠮᠤᠷᠢ ᠲᠦᠷᠦᠭᠦᠯᠡᠯ᠎ᠡ᠃ ᠠᠮᠠᠨ ᠬᠦᠵᠦᠭᠦᠨ ᠳ᠋ᠦ ᠵᠠᠪᠬᠠᠨ ᠠᠢᠢᠮᠠᠭ ᠤᠨ ᠵᠠᠪᠬᠠᠨᠮᠠᠨᠳᠠᠯ ᠰᠤᠮᠤ ᠵᠢᠨ ᠤᠶᠠᠭᠠᠴᠢ ᠴ᠊·ᠮᠥᠩᠬᠡᠬᠤᠶᠠᠭ ᠤᠨ ᠴᠠᠪᠢᠳᠠᠷ ᠮᠤᠷᠢ᠂ ᠠᠢᠢᠷᠠᠭ ᠦᠨ ᠭᠤᠷᠪᠠ ᠳᠦ ᠳᠤᠮᠲᠠᠭᠤᠪᠢ ᠠᠢᠢᠮᠠᠭ ᠦᠨ ᠮᠠᠩᠯᠠᠢ ᠤᠶᠠᠭᠠᠴᠢ ᠭ᠊·ᠴᠢᠩᠵᠤᠷᠢᠭ ᠤᠨ ᠬᠡᠭᠡᠷ ᠮᠤᠷᠢ ᠳᠠᠪᠬᠢᠯ᠎ᠠ᠃
ᠰᠤᠶᠤᠭᠠᠯᠠᠩ ᠮᠤᠷᠢᠨ ᠤ ᠤᠷᠤᠯᠳᠤᠭᠠᠨ ᠳᠤ 184 ᠬᠤᠷᠳᠤᠨ ᠦᠷᠢᠶ᠎ᠡ ᠪᠦᠷᠢᠳᠭᠡᠭᠦᠯᠵᠤ᠂ ᠤᠷᠤᠯᠳᠤᠭᠰᠠᠨ ᠠᠴᠠ ᠲᠦᠷᠦᠭᠦᠦ ᠮᠠᠩᠨᠠᠢ ᠳᠤ᠂ ᠭᠤᠪᠢ ᠠᠯᠲᠠᠢ ᠠᠢᠢᠮᠠᠭ ᠦᠨ ᠬᠠᠯᠢᠭᠤᠨ ᠰᠤᠮᠤ ᠵᠢᠨ ᠬᠠᠷᠢᠶᠠᠲᠤ ᠭ᠊·ᠴᠢᠩᠵᠤᠷᠢᠭ ᠤᠨ ᠬᠠᠷ᠎ᠠ ᠦᠷᠢᠶ᠎ᠡ᠂ ᠠᠮᠠᠨ ᠬᠦᠵᠦᠭᠦᠨ ᠳ᠋ᠦ᠂ ᠪᠤᠯᠠᠭᠠᠨ ᠠᠢᠢᠮᠠᠭ ᠦᠨ ᠭᠤᠷᠪᠠᠨ ᠪᠤᠯᠠᠭ ᠰᠤᠮᠤ ᠵᠢᠨ ᠳ᠋᠊·ᠬᠡᠰᠢᠭᠵᠢᠷᠭᠠᠯ ᠤᠨ ᠬᠠᠯᠵᠠᠨ ᠦᠷᠢᠶ᠎ᠡ᠂ ᠠᠢᠢᠷᠠᠭ ᠦᠨ ᠭᠤᠷᠪᠠ ᠳᠤ ᠬᠥᠪᠰᠦᠬᠥᠯ ᠠᠢᠢᠮᠠᠭ ᠦᠨ ᠴᠡᠴᠡᠷᠯᠢᠭ ᠰᠤᠮᠤ ᠵᠢᠨ ᠭ᠊·ᠪᠠᠲᠤᠪᠣᠯᠤᠳ ᠤᠨ ᠬᠠᠯᠲᠠᠷ ᠦᠷᠢᠶ᠎ᠡ ᠳᠠᠪᠬᠢᠯ᠎ᠠ᠃
ᠳᠠᠭᠠᠨ ᠪ ᠤᠷᠤᠯᠳᠤᠭᠠᠨ ᠳᠦ 49 ᠬᠤᠷᠳᠤᠨ ᠳᠠᠭ᠎ᠠ ᠤᠷᠤᠯᠳᠤᠵᠤ᠂ ᠲᠦᠷᠦᠭᠦᠦ ᠮᠠᠩᠨᠠᠢ ᠳᠦ᠂ ᠣᠷᠬᠤᠨ ᠠᠢᠢᠮᠠᠭ ᠦᠨ ᠪᠠᠶᠠᠨ ᠥᠨᠳᠦᠷ ᠰᠤᠮᠤ ᠵᠢᠨ ᠬᠠᠷᠢᠶᠠᠲᠤ ᠲ᠊ ·ᠪᠠᠶᠠᠷᠰᠠᠢᠢᠬᠠᠨ ᠪ ᠤᠶᠠᠭᠰᠠᠨ ᠵ᠊·ᠲᠡᠮᠦᠵᠢᠨ ᠪ ᠬᠤᠯᠠ ᠳᠠᠭ᠎ᠠ᠂ ᠠᠮᠠᠨ ᠬᠦᠵᠦᠭᠦᠨ ᠳ᠋ᠦ ᠵᠠᠪᠬᠠᠨ ᠠᠢᠢᠮᠠᠭ ᠦᠨ ᠲᠤᠰᠤᠨᠴᠡᠩᠭᠡᠯ ᠰᠤᠮᠤ ᠵᠢᠨ ᠬᠠᠷᠢᠶᠠᠲᠤ ᠰ᠊·ᠪᠠᠶᠠᠷᠰᠠᠢᠢᠬᠠᠨ ᠪ ᠪᠣᠷᠣ ᠳᠠᠭ᠎ᠠ᠂ ᠠᠢᠢᠷᠠᠭ ᠦᠨ ᠭᠤᠷᠪᠠ ᠳᠤ ᠲ᠊ · ᠪᠠᠲᠤᠴᠤᠤᠵᠢ᠂ ᠮᠠᠩᠯᠠᠢ ᠶᠢᠨ ᠤᠶᠠᠭᠰᠠᠨ ᠴ᠊·ᠭᠤᠨᠴᠤᠭᠰᠦ᠋ᠷᠤᠩ ᠤᠨ ᠬᠡᠭᠡᠷ᠎ᠡ ᠳᠠᠭ᠎ᠠ ᠤᠷᠤᠯ᠎ᠠ᠃
ᠬᠢᠵᠠᠭᠠᠯᠠᠩ ᠮᠤᠷᠢᠨ ᠪ ᠤᠷᠤᠯᠳᠤᠭᠠᠨ ᠳᠦ 286 ᠬᠤᠷᠳᠤᠨ ᠬᠦᠯᠦᠭ ᠤᠷᠤᠯᠳᠤᠭᠠᠳ᠂ ᠲᠦᠷᠦᠭᠦᠦ ᠮᠠᠩᠨᠠᠢ ᠳᠦ ᠥᠩᠭᠡᠷᠡᠭᠰᠡᠨ ᠵᠢᠯ ᠤᠨ ᠰᠢᠳᠦᠯᠡᠩ ᠮᠤᠷᠢᠨ ᠤ ᠲᠦᠷᠦᠭᠦᠦ ᠲᠥᠪ ᠠᠢᠢᠮᠠᠭ ᠤᠨ ᠠᠯᠲᠠᠨᠪᠤᠯᠠᠭ ᠰᠤᠮᠤ ᠵᠢᠨ ᠳ᠋᠊ · ᠭᠠᠩᠵᠤᠷᠢᠭ ᠤᠨ ᠬᠠᠷ᠎ᠠ ᠦᠷᠢᠶ᠎ᠡ ᠵᠢ ᠠᠢᠢᠮᠠᠭ ᠤᠨ ᠤᠶᠠᠭᠠᠴᠢ ᠪ᠊·ᠪᠠᠲᠤᠬᠦᠦ ᠤᠶᠠᠵᠤ ᠲᠦᠷᠦᠭᠦᠯᠡᠭᠦᠯᠦᠯᠡ᠃ ᠠᠮᠠᠨ ᠬᠦᠵᠦᠭᠦᠨ ᠳ᠋ᠦ ᠵᠠᠪᠬᠠᠨ ᠠᠢᠢᠮᠠᠭ ᠦᠨ ᠲᠤᠰᠤᠨᠴᠡᠩᠭᠡᠯ ᠰᠤᠮᠤ ᠵᠢᠨ ᠬᠠᠷᠢᠶᠠᠲᠤ ᠲ᠊·ᠤᠤᠭᠠᠨᠪᠠᠶᠠᠷ ᠤᠨ ᠬᠦᠷᠡᠩ ᠦᠷᠢᠶ᠎ᠡ᠂ ᠠᠢᠢᠷᠠᠭ ᠦᠨ ᠭᠤᠷᠪᠠ ᠳᠦ ᠤᠯᠠᠭᠠᠨᠪᠠᠭᠠᠲᠤᠷ ᠬᠤᠲᠠ ᠵᠢᠨ ᠪᠠᠭ᠎ᠠ ᠬᠠᠩᠭᠠᠢ ᠲᠡᠭᠦᠷᠭᠡ ᠵᠢᠨ ᠤᠶᠠᠭᠠᠴᠢ ᠳ᠋᠊ · ᠫᠦᠷᠪᠦᠰᠠᠮᠪᠤᠤ ᠶᠢᠨ ᠬᠦᠷᠡᠩ ᠦᠷᠢᠶ᠎ᠡ ᠳᠠᠪᠬᠢᠯ᠎ᠠ᠃
ᠳ᠋᠊ · ᠳᠡᠮᠪᠡᠷᠢᠯᠰᠠᠢᠬᠠᠨ ᠳᠠᠶᠠᠩ ᠮᠡᠷᠭᠡᠨ ᠪᠣᠯᠪᠠ
ᠡᠷᠡᠭᠲᠡᠢ ᠰᠤᠷᠴᠢᠳ ᠠᠴᠠ ᠮᠤᠩᠭᠤᠯ ᠤᠯᠤᠰ ᠦᠨ ᠮᠡᠷᠭᠡᠨ ᠵᠠᠪᠬᠠᠨ ᠠᠢᠢᠮᠠᠭ ᠤᠨ ᠡᠷᠳᠡᠨᠢᠬᠠᠢᠢᠷᠬᠠᠨ ᠰᠤᠮᠤ ᠵᠢᠨ ᠳ᠋᠊·ᠳᠡᠮᠪᠡᠷᠢᠯᠰᠠᠢᠬᠠᠨ 40 ᠰᠤᠮᠤᠨ ᠡᠴᠠ 38 ᠣᠨᠤᠵᠤ ᠬᠤᠶᠠᠳᠠᠬᠢ ᠤᠳᠠᠭ᠎ᠠ ᠲᠦᠷᠦᠭᠦᠯᠡᠵᠦ ᠳᠠᠶᠠᠩ ᠮᠡᠷᠭᠡᠨ ᠪᠣᠯᠤᠯ᠎ᠠ᠃ ᠬᠤᠶᠠᠳᠤᠭᠠᠷ ᠪᠠᠢᠢᠷᠢᠨ ᠳᠦ ᠠᠢᠢᠮᠠᠭ ᠤᠨ ᠮᠡᠷᠭᠡᠨ ᠳ᠋᠊·ᠪᠠᠲᠤᠲᠤᠯᠭ᠎ᠠ 36 ᠣᠨᠤᠭ᠎ᠠ ᠠᠪᠴᠤ᠂ ᠮᠤᠩᠭᠤᠯ ᠤᠯᠤᠰ ᠤᠨ ᠭᠠᠷᠮᠠᠭᠠᠢ ᠮᠡᠷᠭᠡᠨ ᠪᠤᠯᠤᠯ᠎ᠠ᠃ ᠭᠤᠷᠪᠠᠳᠤᠭᠠᠷ ᠪᠠᠢᠢᠷᠢᠨ ᠳᠤ ᠠᠢᠢᠮᠠᠭ ᠤᠨ ᠮᠡᠷᠭᠡᠨ ᠫ᠊·ᠶᠠᠪᠤᠭᠤᠬᠤᠯᠠᠩ 36 ᠣᠨᠤᠭ᠎ᠠ ᠪᠠᠷ ᠭᠤᠴᠣ ᠮᠠᠷᠭᠡᠨ ᠪᠤᠯᠤᠯ᠎ᠠ ᠃
ᠡᠮᠡᠭᠲᠡᠢ ᠬᠠᠷᠪᠤᠭᠠᠴᠢᠳ ᠡᠴᠠ᠂ ᠰᠦᠬᠡᠪᠠᠭᠠᠲᠤᠷ ᠠᠢᠢᠮᠠᠭ ᠦᠨ ᠪᠠᠶᠠᠨ ᠳᠡᠯᠭᠡᠷ ᠰᠤᠮᠤ ᠵᠢᠨ ᠤᠤᠭᠠᠯ᠂ ᠠᠢᠢᠮᠠᠭ ᠤᠨ ᠮᠡᠷᠭᠡᠨ ᠯ᠊·ᠤᠳᠤᠰᠠᠢᠬᠠᠨ 34 ᠤᠨᠤᠭ᠎ᠠ ᠬᠠᠷᠪᠤᠵᠤ ᠮᠤᠩᠭᠤᠯ ᠤᠯᠤᠰ ᠤᠨ ᠮᠡᠷᠭᠡᠨ᠂ ᠬᠤᠶᠠᠳᠤᠭᠠᠷ ᠲᠤ ᠮᠤᠩᠭᠤᠯ ᠤᠯᠤᠰ ᠤᠨ ᠳᠠᠶᠠᠩ ᠮᠡᠷᠭᠡᠨ᠂ ᠵᠠᠪᠬᠠᠨ ᠠᠢᠢᠮᠠᠭ ᠤᠨ ᠲᠦᠳᠦᠪᠲᠡᠢ ᠰᠤᠮᠤ ᠵᠢᠨ ᠤᠤᠭᠠᠯ ᠳ᠋᠊·ᠡᠷᠳᠡᠨᠢᠲᠤᠶᠠᠭ᠎ᠠ 34 ᠤᠨᠤᠭ᠎ᠠ ᠪᠠᠷ᠂ ᠭᠤᠷᠪᠠᠳᠤᠭᠠᠷ ᠲᠤ ᠳᠤᠷᠤᠨᠠᠲᠤ ᠠᠢᠢᠮᠠᠭ ᠤᠨ ᠬᠥᠯᠦᠨ ᠪᠣᠢᠢᠷ ᠰᠤᠮᠤ ᠵᠢᠨ ᠤᠤᠭᠠᠯ᠂ ᠮᠤᠩᠭᠤᠯ ᠤᠯᠤᠰ ᠦᠨ ᠭᠠᠷᠮᠠᠭᠠᠢ ᠬᠠᠷᠪᠤᠭᠠᠴᠢ ᠴ᠊ · ᠭᠠᠩᠳᠠᠸᠠ ᠰᠢᠯᠭᠠᠷᠠᠯ᠎ᠠ᠃ ᠤᠷᠤᠯᠳᠤᠭᠠᠨ ᠳᠤ ᠡᠮᠡᠭᠲᠡᠢ 144᠂ ᠡᠷᠡᠭᠲᠡᠢ 396 ᠬᠠᠷᠪᠤᠭᠠᠴᠢ ᠤᠷᠤᠯᠴᠠᠪᠠ᠃
ᠦᠯᠡᠮᠵᠢ ᠳᠠᠷᠬᠠᠨ ᠮᠡᠷᠭᠡᠨ᠂ ᠭᠠᠷᠮᠠᠭᠠᠢ ᠮᠡᠷᠭᠡᠨ ᠂ ᠤᠯᠤᠰ ᠤᠨ
ᠮᠡᠷᠭᠡᠨ ᠬᠤᠶᠠᠷ ᠂ ᠬᠤᠱᠤᠢ ᠮᠡᠷᠭᠡᠨ ᠲᠠᠪᠤ ᠲᠥᠷᠦᠪᠡ
ᠨᠠᠭᠠᠳᠤᠮ ᠤᠨ ᠱᠠᠭ᠎ᠠ ᠬᠠᠷᠪᠤᠭᠠᠨ ᠪ ᠲᠥᠷᠦᠯ ᠳ᠋ᠦ ᠤᠯᠤᠰ ᠤᠨ ᠮᠡᠷᠭᠡᠨ ᠪ᠊·ᠠᠮᠤᠭᠤᠯᠠᠩᠪᠠᠶᠠᠷ ᠠᠬᠠᠯᠠᠭᠴᠢ ᠲᠠᠢ ᠬᠡᠨᠲᠡᠢ ᠠᠢᠢᠮᠠᠭ ᠤᠨ ᠪᠠᠭ ᠲᠦᠷᠦᠭᠦᠯᠡᠯ᠎ᠡ ᠃ ᠬᠤᠶᠠᠳᠤᠭᠠᠷ ᠪᠠᠢᠢᠷᠢ ᠳᠤ᠂ ᠤᠯᠤᠰ ᠤᠨ ᠦᠯᠡᠮᠵᠢ ᠳᠠᠷᠬᠠᠨ ᠮᠡᠷᠭᠡᠨ ᠱ᠊·ᠣᠳᠬᠤᠨᠪᠠᠶᠠᠷ ᠠᠬᠠᠯᠠᠭᠴᠢ ᠲᠠᠢ ᠳᠤᠷᠤᠨᠠᠭᠤᠪᠢ ᠠᠢᠢᠮᠠᠭ ᠤᠨ︽ᠪᠣᠯᠤᠳ ᠲᠡᠮᠦᠷ ᠢᠷᠦᠭᠡ ᠭᠤᠤᠯ︾ᠺᠣᠮᠫᠠᠨᠢ ᠵᠢᠨ ᠪᠠᠭ ᠰᠢᠯᠭᠠᠷᠠᠪᠠ᠃ ᠭᠤᠷᠪᠠᠳᠤᠭᠠᠷ ᠪᠠᠢᠢᠷᠢ ᠳᠤ᠂ ᠤᠯᠤᠰ ᠤᠨ ᠦᠯᠡᠮᠵᠢ ᠳᠠᠷᠬᠠᠨ ᠮᠡᠷᠭᠡᠨ ᠯ᠊ · ᠪᠣᠯᠤᠳ ᠠᠬᠠᠯᠠᠭᠴᠢ ᠲᠠᠢ ︽ᠤᠯᠠᠭᠠᠨᠪᠠᠭᠠᠲᠤᠷ ᠲᠡᠮᠦᠷ ᠵᠠᠮ︾ ᠤᠨ ᠪᠠᠭ ᠣᠷᠤᠯ᠎ᠠ ᠃