ᠶᠢᠰᠦᠨ ᠬᠡᠦᠬᠡᠳ ᠮᠤᠷᠢᠨ ᠡᠴᠠ ᠤᠨᠠᠭᠰᠠᠨ ᠴᠦ ᠭᠡᠮᠲᠦᠭᠡ ᠦᠭᠡᠢ
ᠨᠠᠭᠠᠳᠤᠮ ᠤᠨ ᠡᠳᠦᠷ ᠤᠳ ᠲᠦ ᠬᠤᠷᠳᠤᠨ ᠮᠤᠷᠢᠨ ᠪ ᠤᠷᠤᠯᠳᠤᠭᠠᠨ ᠳᠤ ᠵᠢᠷᠭᠤᠭᠠᠨ ᠨᠠᠰᠤᠨ ᠪ ᠨᠡᠢᠢᠲᠡ 310 ᠬᠤᠷᠳᠤᠨ ᠮᠤᠷᠢ ᠂ ᠳᠠᠪᠬᠤᠷᠳᠠᠭᠰᠠᠨ ᠲᠤᠭ᠎ᠠ ᠪᠡᠷ 84 ᠤᠨᠠᠭᠠᠴᠢ ᠬᠡᠦᠬᠡᠳ ᠤᠷᠤᠯᠳᠤᠵᠠᠢ᠃ ᠤᠷᠤᠯᠳᠤᠭᠠᠨ ᠪ ᠦᠶ᠎ᠡ ᠪᠡᠷ ᠶᠢᠰᠦᠨ ᠬᠡᠦᠬᠡᠳ ᠮᠤᠷᠢᠨ ᠡᠴᠠ ᠪᠠᠨ ᠤᠨᠠᠭᠰᠠᠨ ᠬᠡᠳᠦᠢ ᠴᠦ ᠪᠡᠷᠲᠡᠵᠦ ᠭᠡᠮᠲᠦᠭᠡ ᠦᠭᠡᠢ ᠪᠠᠢᠢᠨ᠎ᠠ᠃ ᠵᠠᠷᠢᠮ ᠬᠡᠦᠬᠡᠳ ᠤᠷᠤᠯᠳᠤᠭᠠᠨ ᠪ ᠶᠠᠪᠤᠴᠠ ᠳᠤ ᠥᠪᠡᠷᠰᠡᠳ ᠵᠢᠨᠨ ᠮᠤᠷᠢᠨ ᠡᠴᠠ ᠪᠠᠨ ᠪᠠᠭᠤᠭᠰᠠᠨ ᠠᠵᠠᠢ ᠃
ᠤᠷᠤᠯᠳᠤᠭᠠᠨ ᠤ ᠺᠤᠮᠢᠰ ᠬᠦᠢ ᠳᠤᠯᠤᠭᠠᠨ ᠬᠤᠳᠳᠤᠭ ᠲᠤ ᠪᠠᠢᠢᠷᠢᠯᠠᠵᠤ ᠤᠶᠠᠭᠠᠴᠢ ᠪᠣᠯᠤᠨ ᠤᠷᠤᠯᠳᠤᠭᠠᠨᠴᠢ ᠬᠡᠦᠬᠡᠳ ᠤᠳ ᠤᠨ ᠡᠴᠢᠭᠡ ᠡᠬᠡ᠂ ᠠᠰᠠᠷᠠᠨ ᠬᠠᠮᠠᠭᠠᠯᠠᠭᠴᠢ ᠨᠠᠷ ᠲᠤ ᠤᠨᠠᠭᠠᠴᠢ ᠬᠡᠦᠬᠡᠳ ᠦᠨ ᠬᠠᠮᠠᠭᠠᠯᠠᠯᠲᠠ ᠵᠢᠨ ᠬᠤᠪᠴᠠᠰᠤ᠂ ᠮᠤᠷᠢᠨ ᠪ ᠬᠡᠷᠡᠭᠰᠡᠯ ᠳ᠋ᠦ ᠲᠠᠯᠪᠢᠬᠤ ᠰᠲ᠋ᠠᠨᠳᠠᠷᠲ ᠱᠠᠭᠠᠷᠳᠠᠯᠭ᠎ᠠ ᠵᠢ ᠲᠠᠯᠪᠢᠵᠤ ᠠᠵᠢᠯᠯᠠᠵᠠᠢ᠃ ᠮᠥᠨ ᠬᠤᠷᠳᠤᠨ ᠮᠤᠷᠢᠨ ᠪ ᠤᠷᠤᠯᠳᠤᠭᠠᠨ ᠪ ᠳᠦᠷᠢᠮ ᠤᠨ ᠲᠠᠯ᠎ᠠ ᠪᠡᠷ ᠬᠢ ᠮᠠᠲ᠋ᠧᠷᠢᠶᠠᠯ ᠊ᠢ ᠲᠠᠷᠠᠭᠠᠨ ᠵᠥᠪᠯᠡᠯᠭᠡ ᠥᠭᠴᠦ᠂ ᠰᠲ᠋ᠠᠨᠳᠠᠷᠲ ᠤᠨ ᠬᠡᠷᠡᠭᠵᠢᠯᠲᠡ ᠵᠢ ᠰᠠᠯᠪᠤᠷᠢ ᠪᠠᠢᠢᠭᠤᠯᠭ᠎ᠠ ᠨᠤᠭᠤᠳ ᠲᠤ ᠬᠠᠩᠭᠠᠭᠤᠯᠤᠨ ᠠᠵᠢᠯᠯᠠᠭᠰᠠᠨ ᠠᠵᠠᠢ ᠃