ᠮᠤᠩᠭᠤᠯ ᠤᠨ ᠪᠤᠷᠬᠠᠨ ᠪ ᠱᠠᠰᠢᠨᠲᠠᠨ ᠪ ᠲᠥᠪ ᠭᠠᠨᠳᠠᠨ ᠳᠡᠭᠴᠢᠯᠡᠨ ᠬᠡᠢᠢᠳ ᠤᠨ ᠪᠠᠲᠤᠴᠠᠭᠠᠨ ᠰᠤᠭᠴᠢᠨ ᠳᠤᠭᠠᠩ ᠳ᠋ᠤ ︽ᠳᠠᠩᠱᠢᠭ ᠨᠠᠭᠠᠳᠤᠮ – ᠬᠦᠷᠢᠶ᠎ᠡ ᠴᠠᠮ 2020︾ ᠱᠠᠰᠢᠨ ᠂ ᠰᠤᠶᠤᠯ ᠤᠨ ᠨᠠᠭᠠᠳᠤᠮ ᠤᠨ ᠲᠠᠯ᠎ᠠ ᠪᠡᠷ ᠮᠡᠳᠡᠭᠡᠯᠡᠯ ᠬᠢᠯ᠎ᠡ ᠃ ︽ᠳᠠᠩᠱᠢᠭ ᠨᠠᠭᠠᠳᠤᠮ – ᠬᠦᠷᠢᠶ᠎ᠡ ᠴᠠᠮ 2020︾ ᠱᠠᠰᠢᠨ ᠰᠤᠶᠤᠯ ᠤᠨ ᠨᠠᠭᠠᠳᠤᠮ ᠊ᠢ ᠡᠨᠡ ᠰᠠᠷ᠎ᠠ ᠵᠢᠨ 27 – 29 ᠪ ᠡᠳᠦᠷ ᠤᠳ ᠲᠦ ᠵᠤᠬᠢᠶᠠᠨ ᠪᠠᠢᠢᠭᠤᠯᠤᠨ᠎ᠠ ᠃ ᠴᠠᠷ᠎ᠠ ᠲᠠᠬᠤᠯ ᠤᠨ ᠤᠯᠠᠮ ᠡᠴᠠ ᠣᠯᠠᠨ ᠤᠯᠤᠰ ᠲᠤ ᠣᠯᠠᠨ ᠨᠡᠢᠢᠲᠡ ᠵᠢ ᠬᠠᠮᠤᠷᠤᠭᠰᠠᠨ ᠦᠢᠯᠡ ᠶᠠᠪᠤᠳᠠᠯ ᠬᠤᠢᠢᠰᠢᠯᠠᠭᠳᠠᠵᠤ ᠪᠠᠢᠢᠨ᠎ᠠ ᠃ ᠣᠯᠢᠮᠫᠢᠺ ᠤᠨ ᠨᠠᠭᠠᠳᠤᠮ ᠬᠦᠷᠲᠡᠯ᠎ᠡ ᠬᠤᠢᠢᠰᠢᠯᠠᠭᠳᠠᠭᠰᠠᠨ ᠃ ᠭᠠᠨᠳᠠᠨ ᠳᠡᠭᠴᠢᠯᠡᠨ ᠬᠡᠢᠢᠳ ᠶᠤᠰᠣ ᠤᠯᠠᠮᠵᠢᠯᠠᠯ ᠊ᠢ ᠲᠠᠰᠤᠯᠳᠠᠭᠤᠯᠬᠤ ᠦᠭᠡᠢ ᠵᠢᠨ ᠲᠤᠯᠠᠳᠠ ᠬᠦᠷᠢᠶ᠎ᠡ ᠴᠠᠮ ᠊ᠢ ᠶᠠᠪᠤᠭᠤᠯᠵᠤ ᠂ ᠬᠠᠷᠢᠨ ᠣᠯᠠᠨ ᠨᠡᠢᠢᠲᠡ ᠵᠢ ᠬᠠᠮᠤᠷᠤᠭᠰᠠᠨ ᠮᠤᠷᠢᠨ ᠪ ᠤᠷᠤᠯᠳᠤᠭᠠᠨ ᠂ ᠪᠥᠬᠡ ᠵᠢᠨ ᠪᠠᠷᠢᠯᠳᠤᠭᠠᠨ ᠊ᠢ ᠵᠤᠬᠢᠶᠠᠨ ᠪᠠᠢᠢᠭᠤᠯᠬᠤ ᠦᠭᠡᠢ ᠶᠤᠮ ᠪᠠᠢᠢᠨ᠎ᠠ ᠃