︽ᠪᠦᠷᠦᠩᠬᠦᠢ︾ᠲᠤᠤᠯᠢᠰ ᠤᠨ ᠣᠳᠣ ᠺᠷᠢᠰᠲᠸᠨ ᠰᠲᠶᠤᠷᠲ ᠰᠢᠨ᠎ᠡ ᠪᠡᠷ ᠬᠢᠭᠳᠡᠵᠦ ᠪᠠᠢᠢᠭ᠎ᠠ ︽ᠰᠫᠸᠨᠰᠸᠷ︾ ᠺᠢᠨᠣ᠋ ᠵᠢᠨ ᠳ᠋ᠢᠶᠠᠨᠠ ᠭᠦᠩᠵᠦ ᠵᠢᠨ ᠳᠦᠷᠢ ᠵᠢ ᠪᠦᠲᠦᠭᠡᠨ᠎ᠡ ᠬᠡᠮᠡᠨ Deadline ᠫᠣᠷᠲ᠋ᠠᠯ ᠮᠡᠳᠡᠭᠡᠯᠡᠪᠡ ᠃ ᠨᠠᠢᠢᠷᠠᠭᠤᠯᠤᠭᠴᠢ ᠪᠠᠷ ᠨᠢ ᠫᠠᠪᠯᠤ᠋ ᠯᠠᠷᠷᠠᠢᠨᠠ︵︽ᠨᠸᠷᠤᠳᠠ︾᠂︽ᠵᠸᠺᠢ︾ᠺᠢᠨᠣ᠋ ᠵᠢ ᠪᠦᠲᠦᠭᠡᠭᠴᠢ ︶ᠠᠵᠢᠯᠯᠠᠬᠤ ᠶᠤᠮ ᠃ ᠺᠢᠨᠣ᠋ ᠵᠤᠬᠢᠶᠠᠯ ᠊ᠢ ᠰᠲ᠋ᠢᠹᠸᠨ ᠨᠠᠢᠲ ᠪᠢᠴᠢᠭᠰᠡᠨ ᠤᠭ ᠪᠦᠲᠦᠭᠡᠯ ᠳᠤ ᠳ᠋ᠢᠶᠠᠨᠠ ᠭᠦᠩᠵᠦ ᠵᠢᠨ ᠭᠤᠷᠪᠠᠨ ᠴᠢᠬᠤᠯᠠ ᠡᠳᠦᠷ ᠤᠨ ᠲᠤᠬᠠᠢ ᠥᠭᠦᠯᠡᠬᠦ ᠶᠤᠮ ᠃ ᠶᠡᠷᠡᠭᠡᠳ ᠣᠨ ᠪ ᠡᠬᠢ ᠪᠡᠷ ᠭᠦᠩᠵᠦ ᠬᠤᠩ ᠲᠠᠢᠢᠵᠢ ᠴᠠᠷᠯᠸᠰ ᠠᠴᠠ ᠰᠠᠯᠬᠤ ᠡᠰᠡᠬᠦ ᠲᠠᠯ᠎ᠠ ᠪᠡᠷ ᠡᠷᠭᠢᠴᠡᠭᠦᠯᠵᠦ ᠪᠠᠢᠢᠭ᠎ᠠ ᠪᠡᠷ ᠺᠢᠨᠣ᠋ ᠵᠢᠨ ᠦᠢᠯᠡ ᠶᠠᠪᠤᠳᠠᠯ ᠥᠷᠨᠢᠬᠦ ᠶᠤᠮ ᠃ ᠵᠢᠷᠤᠭ ᠠᠪᠤᠯᠲᠠ ᠵᠢᠨ ᠠᠵᠢᠯ 2021 ᠣᠨ ᠳᠤ ᠡᠬᠢᠯᠡᠨ᠎ᠡ ᠃ ᠬᠤᠩ ᠲᠠᠢᠢᠵᠢ ᠴᠠᠷᠯᠸᠰ ᠲᠠᠢ ᠰᠠᠭᠤᠬᠤ ᠡᠴᠠ ᠪᠠᠨ ᠡᠮᠦᠨ᠎ᠡ ᠳ᠋ᠢᠶᠠᠨᠠ ᠹᠷᠸᠨᠰᠢᠰ ᠰᠫᠸᠨᠰᠸᠷ ᠨᠡᠷ᠎ᠡ ᠲᠠᠢ ᠪᠠᠢᠢᠭᠰᠠᠨ ᠭᠦᠩᠵᠦ 1997 ᠣᠨ ᠳᠤ ᠫᠠᠷᠢᠰ ᠬᠤᠲᠠᠨ᠎ᠠ ᠠᠦ᠋ᠲ᠋ᠤ᠋ ᠮᠠᠰᠢᠨ ᠪ ᠣᠰᠤᠯ ᠵᠢᠨᠷ ᠠᠮᠢ ᠪᠠᠨ ᠠᠯᠳᠠᠭᠰᠠᠨ ᠶᠤᠮ ᠃