ᠦᠨᠳᠦᠰᠦᠨ ᠪ ᠶᠡᠬᠡ ᠪᠠᠶᠠᠷ ᠨᠠᠭᠠᠳᠤᠮ ᠊ᠢ ᠵᠤᠬᠢᠶᠠᠨ ᠪᠠᠢᠢᠭᠤᠯᠬᠤ ᠬᠤᠷᠢᠶ᠎ᠠ ᠥᠩᠭᠡᠷᠡᠭᠰᠡᠨ ᠰᠠᠷ᠎ᠠ ᠳᠤ ᠬᠤᠷᠠᠯᠳᠤᠵᠤ ᠨᠠᠭᠠᠳᠤᠮ ᠊ᠢ ᠬᠥᠯ ᠬᠥᠳᠡᠯᠭᠡᠭᠡᠨ ᠂ ᠪᠥᠭᠡᠮᠨᠡᠷᠡᠯ ᠡᠭᠦᠰᠬᠡᠬᠦ ᠦᠭᠡᠢ ᠪᠡᠷ ᠵᠤᠬᠢᠶᠠᠨ ᠪᠠᠢᠢᠭᠤᠯᠬᠤ ᠰᠢᠢᠳᠪᠦᠷᠢ ᠭᠠᠷᠭᠠᠭᠰᠠᠨ ᠃ ᠪᠥᠬᠡ ᠵᠢᠨ ᠪᠠᠷᠢᠯᠳᠤᠭᠠᠨ ᠂ ᠬᠤᠷᠳᠤᠨ ᠮᠤᠷᠢᠳ ᠤᠨ ᠤᠷᠤᠯᠳᠤᠭᠠᠨ ᠂ ᠰᠤᠷ ᠬᠠᠷᠪᠤᠭ᠎ᠠ ᠵᠢ ᠲᠧᠯᠸᠢᠰ ᠪᠣᠯᠤᠨ ᠴᠠᠬᠢᠮ ᠣᠷᠴᠢᠨ ᠵᠢᠨᠷ ᠳᠠᠮᠵᠢᠭᠤᠯᠤᠨ ᠣᠯᠠᠨ ᠲᠦᠮᠡᠨ ᠳ᠋ᠦ ᠲᠦᠭᠡᠭᠡᠬᠦ ᠪᠡᠷ ᠲᠥᠯᠦᠪᠯᠡᠭᠡᠳ ᠪᠠᠢᠢᠭ᠎ᠠ ᠶᠤᠮ ᠃ ᠮᠥᠨ ᠤᠯᠤᠰ ᠂ ᠠᠢᠢᠮᠠᠭ ᠂ ᠰᠤᠮᠤᠳ ᠤᠨ ᠨᠠᠭᠠᠳᠤᠮ ᠊ᠢ ᠳᠤᠯᠤᠳᠤᠭᠠᠷ ᠰᠠᠷ᠎ᠠ ᠵᠢᠨ 11 ᠂ 12 ᠳ᠋ᠦ ᠨᠢᠭᠡᠨ ᠵᠡᠷᠭᠡ ᠵᠤᠬᠢᠶᠠᠨ ᠪᠠᠢᠢᠭᠤᠯᠬᠤ ᠰᠢᠢᠳᠪᠦᠷᠢ ᠭᠠᠷᠭᠠᠵᠤ᠂ ᠤᠯᠤᠰ ᠦᠨ ᠨᠠᠭᠠᠳᠤᠮ ᠳᠦ 512 ᠂ ᠠᠢᠢᠮᠠᠭ ᠤᠨ ᠨᠠᠭᠠᠳᠤᠮ ᠳᠤ 128 ᠂ ᠰᠤᠮᠤᠳ ᠤᠨ ᠨᠠᠭᠠᠳᠤᠮ ᠳᠤ 64 ᠡᠴᠡ ᠢᠯᠡᠭᠦᠦ ᠪᠥᠬᠡ ᠪᠠᠷᠢᠯᠳᠤᠭᠤᠯᠬᠤ ᠶᠢ ᠬᠤᠷᠢᠭᠯᠠᠵᠠᠢ ᠃ ᠡᠭᠦᠨ ᠲᠠᠢ ᠬᠤᠯᠪᠣᠭᠳᠠᠭᠤᠯᠤᠨ ᠮᠤᠩᠭᠤᠯ ᠤᠨ ᠦᠨᠳᠦᠰᠦᠨ ᠪ ᠪᠥᠬᠡ ᠵᠢᠨ ᠬᠤᠯᠪᠣᠭᠠᠨ ᠡᠴᠠ ᠠᠢᠢᠮᠠᠭ ᠤᠨ ᠪᠠᠶᠠᠷ ᠨᠠᠭᠠᠳᠤᠮ ᠤᠨ ᠪᠥᠬᠡ ᠵᠢᠨ ᠪᠠᠷᠢᠯᠳᠤᠭᠠᠨ ᠊ᠢ ᠵᠤᠬᠢᠶᠠᠨ ᠪᠠᠢᠢᠭᠤᠯᠬᠤ ᠭᠠᠷ ᠤᠨ ᠳ᠋ᠠ ᠨᠠᠷ ᠲᠦ ᠥᠴᠦᠭᠡᠳᠦᠷ ᠴᠠᠬᠢᠮ ᠰᠤᠷᠭᠠᠯᠲᠠ ᠶᠠᠪᠤᠭᠤᠯᠵᠠᠢ ᠃ ᠠᠢᠢᠮᠠᠭ ᠤᠳ ᠤᠨ ᠪᠠᠶᠠᠷ ᠨᠠᠭᠠᠳᠤᠮ ᠳᠤ ᠪᠠᠷᠢᠯᠳᠤᠬᠤ 128 ᠪᠥᠬᠡ ᠵᠢᠨ ᠪᠦᠷᠢᠳᠬᠡᠯ ᠡᠨᠡ ᠰᠠᠷ᠎ᠠ ᠵᠢᠨ 27 – 30 ᠳ᠋ᠦ ᠦᠷᠭᠦᠯᠵᠢᠯᠡᠬᠦ ᠶᠤᠮ ᠪᠠᠢᠢᠨ᠎ᠠ ᠃