ᠥᠪᠥᠷᠬᠠᠩᠭᠠᠢ ᠠᠢᠮᠠᠭ ᠤᠨ ᠠᠷᠪᠠᠢ ᠬᠡᠭᠡᠷ ᠬᠤᠲᠠᠨ᠎ᠠ ᠠᠰᠢᠭᠯᠠᠯᠲᠠ ᠳᠦ ᠣᠷᠤᠭᠠᠳ ᠤᠳᠠᠭ᠎ᠠ ᠦᠭᠡᠢ ᠪᠠᠢᠢᠭ᠎ᠠ ᠤᠰᠤᠨ ᠰᠫᠣᠷᠲ ᠰᠤᠷᠭᠠᠯᠲᠠ ᠵᠢᠨ ᠲᠥᠪ ᠤᠨ ᠦᠢᠯᠡ ᠠᠵᠢᠯᠯᠠᠭ᠎ᠠ ᠵᠢᠭᠳᠡᠷᠡᠵᠦ ᠪᠠᠢᠢᠨ᠎ᠠ ᠃ ᠤᠰᠤᠨ ᠪᠠᠰᠰᠸᠢᠢᠨ ᠪ ᠰᠤᠷᠭᠠᠯᠲᠠ ᠳ᠋ᠤ ᠡᠳᠦᠷ ᠤᠨ 8 ᠡᠭᠡᠯᠵᠢ ᠪᠡᠷ 200 ᠬᠡᠦᠬᠡᠳ ᠬᠢᠴᠢᠶᠡᠯᠯᠡᠭᠡᠳ ᠡᠬᠢᠯᠡᠵᠡᠢ ᠃ ᠣᠳᠣ ᠪᠡᠷ ᠡᠬᠢᠨ ᠪ ᠰᠤᠷᠤᠯᠴᠠᠭᠴᠢ ᠪᠠᠨ ᠠᠪᠤᠭᠠᠳ ᠪᠦᠷᠢᠳᠬᠡᠯ ᠊ᠢ ᠬᠠᠭᠠᠭᠰᠠᠨ ᠪᠠᠢᠢᠨ᠎ᠠ ᠃ 10 – 14 ᠬᠤᠨᠤᠭ ᠤᠨ ᠳᠠᠷᠠᠭ᠎ᠠ ᠳᠠᠬᠢᠨ ᠪᠦᠷᠢᠳᠬᠡᠯ ᠶᠠᠪᠤᠭᠤᠯᠬᠤ ᠪᠥᠭᠡᠳ ᠰᠤᠷᠭᠠᠯᠲᠠ ᠳ᠋ᠤ ᠬᠠᠮᠤᠷᠤᠭᠳᠠᠬᠤ ᠬᠥᠮᠦᠰ ᠲᠦ ᠠᠷᠠᠰᠤ ᠬᠠᠷᠰᠢᠯ᠂ ᠴᠠᠭᠠᠨ ᠬᠤᠷᠤᠬᠠᠢ ᠵᠢᠨ ᠰᠢᠨᠵᠢᠯᠡᠭᠡ ᠬᠢᠯᠭᠡᠬᠦ ᠱᠠᠭᠠᠷᠳᠠᠯᠭ᠎ᠠ ᠲᠠᠯᠪᠢᠵᠤ ᠪᠠᠢᠢᠭ᠎ᠠ ᠠᠵᠠᠢ᠃
ᠡᠨᠡ ᠪᠠᠰᠰᠸᠢᠢᠨ ᠨᠢ 12 х 25 ᠮᠧᠲ᠋ᠷ ᠬᠡᠮᠵᠢᠶ᠎ᠡ ᠲᠠᠢ ᠂ 1.8 – 2 ᠮᠧᠲ᠋ᠷ ᠭᠦᠨ ᠂ 5 ᠵᠠᠮ ᠲᠠᠢ ᠂ ᠪᠦᠰᠡ ᠂ ᠤᠯᠤᠰ ᠂ ᠲᠢᠪ ᠤᠨ ᠤᠷᠤᠯᠳᠤᠭᠠᠨ ᠲᠡᠮᠡᠴᠡᠭᠡᠨ ᠊ᠢ ᠵᠤᠬᠢᠶᠠᠨ ᠪᠠᠢᠢᠭᠤᠯᠬᠤ ᠪᠣᠯᠤᠮᠵᠢᠲᠠᠢ ᠲᠤᠮᠤᠬᠠᠨ ᠲᠦᠪ ᠶᠤᠮ ᠃