Sunday World ᠶ᠋ᠢᠨ ᠰᠡᠳᠬᠦᠯᠴᠢ ᠺᠸᠸᠢᠨ ᠫᠠᠯᠮᠸᠷ ᠠᠩᠭᠯᠢ ᠶ᠋ᠢᠨ ᠬᠥᠯ ᠪᠥᠮᠪᠥᠭᠡ ᠶ᠋ᠢᠨ ᠫᠷᠸᠮᠸᠷ ᠯᠢᠭ ᠦᠨ ᠪᠠᠭ ᠤᠳ ᠡᠴᠠ ᠥᠩᠭᠡᠷᠡᠭᠰᠡᠨ ᠲᠠᠪᠤᠨ ᠵᠢᠯ ᠳ᠋ᠥ ᠰᠣᠯᠢᠯᠴᠠᠭ᠎ᠠ ᠮᠠᠶᠢᠮᠠᠶᠢᠨ ᠳ᠋ᠤ ᠬᠠᠮᠤᠭ ᠤᠨ ᠶᠡᠬᠡ ᠮᠥᠩᠭᠥ ᠵᠠᠷᠤᠴᠠᠭᠤᠯᠤᠭᠰᠠᠨ ᠲᠠᠪᠤᠨ ᠪᠠᠭ ᠢ ᠨᠡᠷᠡᠯᠡᠵᠡᠢ ᠃
ᠡᠨᠡ ᠬᠤᠭᠤᠴᠠᠭᠠᠨ ᠳᠦ ᠬᠠᠮᠤᠭ ᠤᠨ ᠶᠡᠬᠡ ᠮᠥᠩᠭᠥ ᠶ᠋ᠢ ︽ᠮᠠᠨᠴᠸᠰᠲᠸᠷ ᠰᠢᠲ᠋ᠢ︾ ᠪᠠᠭ ᠵᠠᠷᠤᠵᠠᠢ ᠃ ᠲᠡᠳᠡ ᠲᠠᠪᠤᠨ ᠵᠢᠯ ᠳ᠋ᠥ 601.98 ᠰᠠᠶ᠎ᠠ ᠳ᠋ᠣᠯᠯᠠᠷ ᠵᠠᠷᠤᠴᠠᠭᠤᠯᠵᠤ ᠪᠤᠰᠤᠳ ᠢ ᠪᠠᠨ ᠬᠣᠯᠠ ᠬᠠᠶᠠᠭᠰᠠᠨ ᠪᠠᠶᠢᠨ᠎ᠠ ᠃ ︽ ᠮᠠᠨᠴᠸᠰᠲᠸᠷ ᠶᠤᠨᠢᠲᠸᠳ᠋ ︾ ︵ 484,88 ᠰᠠᠶ᠎ᠠ ᠹᠦᠨᠲ ︶ ᠂ ︽ ᠠᠷᠰᠸᠨᠠᠯ ︾︵ 267,88 ᠰᠠᠶ᠎ᠠ ᠹᠦᠨᠲ ︶ᠤᠳᠠᠭᠠᠯᠠᠵᠠᠢ ᠃ ᠵᠢᠭᠰᠠᠭᠠᠯᠲᠠ ᠶ᠋ᠢᠨ ᠡᠬᠢᠨ ᠤ ᠲᠠᠪᠤ᠋ ᠳ᠋ᠤ ︽ᠡᠸ᠋ᠸᠷᠲ᠋ᠤᠨ︾︵ 225.42 ᠰᠠᠶ᠎ᠠ ᠹᠦᠨᠲ ︶ ᠂ ︽ ᠪᠷᠠᠢᠲ᠋ᠤᠨ ︾ ︵ 214.86 ︶ ᠪᠠᠭ ᠤᠳ ᠣᠷᠣᠭᠰᠠᠨ ᠪᠠᠶᠢᠨ᠎ᠠ ᠃