ᠤᠯᠢᠶᠠᠰᠤᠲᠠᠢ  ᠳᠦ ᠪ᠊ · ᠶᠠᠪᠤᠭᠤᠬᠤᠯᠠᠩ ᠤᠨ ᠬᠥᠷᠥᠭ ᠢ ᠬᠠᠨᠠᠨ ᠳ᠋ᠤ ᠮᠥᠩᠬᠡᠯᠡᠯ᠎ᠡ | News.MN

ᠤᠯᠢᠶᠠᠰᠤᠲᠠᠢ  ᠳᠦ ᠪ᠊ · ᠶᠠᠪᠤᠭᠤᠬᠤᠯᠠᠩ ᠤᠨ ᠬᠥᠷᠥᠭ ᠢ ᠬᠠᠨᠠᠨ ᠳ᠋ᠤ ᠮᠥᠩᠬᠡᠯᠡᠯ᠎ᠡ

ᠵᠠᠪᠬᠠᠨ ᠠᠶᠢᠮᠠᠭ ᠤᠨ ᠤᠯᠢᠶᠠᠰᠤᠲᠠᠢ ᠬᠣᠲᠠ ᠳᠦ ᠳᠣᠷᠣᠨ᠎ᠠ ᠶ᠋ᠢᠨ ᠶᠡᠬᠡ ᠢᠷᠠᠭᠤ ᠨᠠᠶᠢᠷᠠᠭᠴᠢ ᠪ᠊ · ᠶᠠᠪᠤᠭᠤᠬᠤᠯᠠᠩ ᠤᠨ ᠬᠥᠷᠥᠭ ᠢ ᠳᠥᠷᠪᠡᠨ ᠳᠠᠪᠬᠤᠷ ᠪᠠᠷᠢᠯᠭ᠎ᠠ ᠶ᠋ᠢᠨ ᠬᠠᠨᠠᠨ ᠳᠡᠭᠡᠷ᠎ᠡ ᠮᠥᠩᠬᠡᠯᠡᠵᠡᠢ ᠃ ᠲᠣᠳᠣᠷᠠᠭᠤᠯᠪᠠᠯ ᠂ 2016 ᠣᠨ ᠡᠴᠠ ᠡᠬᠢᠯᠡᠭᠰᠡᠨ ︽ᠠᠷᠲ ᠨᠡᠭᠦᠳᠡᠯ︾ᠲᠥᠰᠥᠯ  ᠦᠨ ᠨᠢᠭᠡ ᠬᠡᠰᠡᠭ ᠪᠣᠯᠬᠤ ᠰᠲᠷᠢᠢᠲ ᠠᠷᠲ ᠲᠥᠷᠥᠯ ᠢᠶ᠋ᠡᠷ ᠤᠯᠢᠶᠠᠰᠤᠲᠠᠢ ᠬᠣᠲᠠ ᠳᠤ ᠳᠣᠷᠣᠨ᠎ᠠ ᠶ᠋ᠢᠨ ᠢᠷᠠᠭᠤ ᠨᠠᠶᠢᠷᠠᠭᠴᠢ ᠪᠡᠭᠵᠡ ᠶ᠋ᠢᠨ ᠶᠠᠪᠤᠭᠤᠬᠤᠯᠠᠩ ᠤᠨ ᠬᠥᠷᠥᠭ ᠢ ᠡᠶᠢᠨ ᠬᠦ ᠵᠢᠷᠤᠵᠠᠢ ᠃ ᠵᠠᠯᠠᠭᠤ ᠤᠷᠠᠨ ᠪᠦᠲᠦᠭᠡᠯᠴᠢᠳ ᠣᠷᠣᠨ ᠨᠤᠲᠤᠭ ᠢᠶᠠᠷ ᠰᠣᠶᠣᠯ ᠲᠦᠭᠡᠭᠡᠵᠦ ᠂ ᠤᠷᠠᠯᠢᠭ ᠤᠨ ᠪᠣᠯᠪᠠᠰᠤᠷᠠᠯ ᠣᠯᠭᠣᠬᠤ ᠶ᠋ᠢ ᠵᠣᠷᠢᠵᠤ ᠪᠠᠶᠢᠭ᠎ᠠ ᠨᠢ ᠡᠨᠡ ᠠᠵᠠᠢ ᠃ ᠲᠡᠳᠡ ᠡᠮᠦᠨ᠎ᠡ ᠨᠢ ᠭᠣᠪᠢ ᠠᠯᠲᠠᠢ ᠠᠶᠢᠮᠠᠭ ᠲᠤ ᠬᠣᠷᠢᠳᠤᠭᠠᠷ ᠵᠠᠭᠤᠨ ᠤ ᠮᠠᠩᠯᠠᠢ ᠰᠡᠳᠬᠦᠯᠴᠢ ᠯᠣᠳᠣᠨ ᠤ ᠲᠦᠳᠦᠪ ᠦᠨ ᠬᠥᠷᠥᠭ ᠢ ᠪᠠᠷᠢᠯᠭ᠎ᠠ ᠶ᠋ᠢᠨ ᠬᠠᠨᠠᠨ ᠳ᠋ᠤ ᠮᠥᠩᠬᠡᠯᠡᠵᠡᠢ ᠃

ᠵᠠᠯᠠᠭᠤᠰ ᠪᠦᠲᠦᠭᠡᠯ ᠢᠶ᠋ᠡᠷ ᠢᠶ᠋ᠡᠨ ᠳᠠᠮᠵᠢᠭᠤᠯᠤᠨ ︽ ᠮᠣᠩᠭᠣᠯᠴᠤᠳ  ᠲᠤ ᠳᠡᠯᠡᠬᠡᠢ ᠶ᠋ᠢᠨ ᠳᠡᠪᠵᠢᠶ᠎ᠡ ᠬᠡᠷᠡᠭᠲᠡᠢ ︾ᠭᠡᠳᠡᠭ ᠤᠳᠬ᠎ᠠ ᠰᠠᠨᠠᠭ᠎ᠠ ᠶ᠋ᠢ  ᠢᠯᠡᠷᠬᠡᠢᠯᠡᠵᠡᠢ ᠃

ᠰᠡᠳᠬᠢᠭᠳᠡᠯ ᠦᠯᠡᠳᠡᠭᠡᠬᠦ