ᠡᠷᠡᠭᠦᠯ ᠮᠡᠨᠳᠦ ᠶ᠋ᠢᠨ ᠶᠠᠮᠤᠨ ᠤ ᠡᠭᠡᠯᠵᠢᠲᠦ ᠬᠡᠪᠯᠡᠯ ᠤᠨ ᠬᠤᠷᠠᠯ ᠤᠨ ᠦᠶ᠎ᠡ ᠪᠡᠷ ᠡᠷᠡᠭᠦᠯ ᠮᠡᠨᠳᠦ ᠶ᠋ᠢᠨ ᠶᠠᠮᠤᠨ ᠤ ᠬᠡᠯᠲᠡᠰ ᠦᠨ ᠳᠠᠷᠤᠭ᠎ᠠ ᠳ᠋᠊ · ᠨᠠᠷᠠᠩᠡᠷᠡᠯ COVID-19 ᠬᠠᠯᠳᠠᠪᠤᠷᠢ ᠲᠠᠢ ᠬᠣᠯᠪᠣᠭᠠᠲᠠᠢ ᠪᠡᠷ ᠮᠠᠨ ᠤ ᠤᠯᠤᠰ ᠬᠡᠦᠬᠡᠳ ᠤᠨ ᠲᠣᠪᠯᠠᠯᠲᠠ ᠸᠠᠺᠼᠢᠨ ᠢᠶᠡᠨ ᠰᠣᠯᠢᠭᠰᠠᠨ ᠡᠰᠡᠬᠦ ᠲᠤᠬᠠᠢ ᠰᠡᠳᠬᠦᠯᠴᠢ ᠶ᠋ᠢᠨ ᠠᠰᠠᠭᠤᠯᠲᠠ ᠳᠤ ᠬᠠᠷᠢᠭᠤᠯᠪᠠ ᠃ ᠲᠡᠷᠡ ᠪᠡᠷ ᠄ COVID-19 ᠬᠠᠯᠳᠠᠪᠤᠷᠢ ᠲᠠᠢ ᠬᠣᠯᠪᠣᠭᠠᠲᠠᠢ ᠪᠡᠷ ᠳᠡᠯᠡᠬᠡᠢ ᠶ᠋ᠢᠨ 60 ᠭᠠᠷᠤᠢ ᠣᠷᠣᠨ ᠤ 80 ᠣᠷᠴᠢᠮ ᠰᠠᠶ᠎ᠠ ᠬᠡᠦᠬᠡᠳ ᠸᠠᠺᠼᠢᠨ ᠡᠴᠠ ᠪᠠᠨ ᠬᠣᠴᠣᠷᠴᠤ ᠪᠠᠶᠢᠭ᠎ᠠ ᠃ ᠡᠭᠦᠨ ᠢ ᠳᠡᠯᠡᠬᠡᠢ ᠶ᠋ᠢᠨ ᠡᠷᠡᠭᠦᠯ ᠮᠡᠨᠳᠦ ᠶ᠋ᠢᠨ ᠪᠠᠶᠢᠭᠤᠯᠭ᠎ᠠ ᠡᠴᠠ ᠴᠦ ᠠᠩᠬᠠᠷᠤᠭᠤᠯᠵᠤ ᠪᠤᠢ ᠃ ᠬᠠᠷᠢᠨ ᠮᠠᠨ ᠤ ᠣᠷᠣᠨ ᠤ ᠬᠤᠪᠢ ᠳᠦ ᠶᠠᠮᠠᠷ ᠨᠢᠭᠡ ᠸᠠᠺᠼᠢᠨ ᠤ ᠲᠠᠰᠤᠯᠳᠠᠯ ᠡᠭᠦᠰᠦᠭᠡ ᠦᠭᠡᠢ ᠂ ᠤᠷᠢᠳᠴᠢᠯᠠᠵᠤ ᠨᠥᠭᠡᠴᠡᠯᠡᠭᠰᠡᠨ ᠃ ᠮᠥᠨ ᠮᠠᠨ ᠤ ᠤᠯᠤᠰ ᠲᠤᠰᠬᠠᠢ ᠡᠭᠦᠷᠭᠡ ᠶ᠋ᠢᠨ ᠣᠩᠭᠣᠴᠠ ᠪᠡᠷ ᠲᠤᠬᠠᠢ ᠪᠦᠷᠢ ᠳ᠋ᠥ ᠨᠢ ᠸᠠᠺᠼᠢᠨ ᠨᠤᠭᠤᠳ ᠢᠶ᠋ᠡᠨ ᠲᠠᠲᠠᠨ ᠠᠪᠴᠤ ᠪᠠᠶᠢᠭ᠎ᠠ ᠃
ᠲᠡᠭᠦᠨ ᠡᠴᠡ ᠭᠠᠳᠠᠨ᠎ᠠ ᠮᠠᠨ ᠤ ᠤᠯᠤᠰ ᠸᠠᠺᠼᠢᠨ ᠢᠶᠡᠨ ᠰᠣᠯᠢᠭ᠎ᠠ ᠦᠭᠡᠢ ᠃ ᠬᠠᠭᠤᠴᠢᠨ ᠢᠶᠠᠷ ᠢᠶᠡᠨ ᠨᠢᠭᠡᠳᠦᠭᠰᠡᠨ ᠦᠨᠳᠦᠰᠦᠲᠡᠨ ᠤ ᠪᠠᠶᠢᠭᠤᠯᠭ᠎ᠠ ᠶ᠋ᠢᠨ ᠬᠡᠦᠬᠡᠳ ᠤᠨ ᠰᠠᠩ ᠢᠶᠠᠷ ᠳᠠᠮᠵᠢᠭᠤᠯᠤᠨ᠂ ᠳᠡᠯᠡᠬᠡᠢ ᠶ᠋ᠢᠨ ᠡᠷᠡᠭᠦᠯ ᠮᠡᠨᠳᠦ ᠶ᠋ᠢᠨ ᠪᠠᠶᠢᠭᠤᠯᠭ᠎ᠠ ᠶ᠋ᠢᠨ ᠭᠡᠷᠡᠴᠢᠯᠡᠭᠡ ᠂ ᠪᠠᠲᠤᠯᠠᠭ᠎ᠠ ᠲᠠᠢ ᠣᠷᠣᠨ ᠡᠴᠠ ᠪᠠᠨ ᠲᠣᠪᠯᠠᠯᠲᠠ ᠸᠠᠺᠼᠢᠨ ᠢᠶᠡᠨ ᠠᠪᠴᠤ ᠪᠠᠶᠢᠭ᠎ᠠ ᠃ ᠡᠨᠡ ᠲᠠᠯ᠎ᠠ ᠪᠡᠷ ᠣᠯᠠᠨ ᠨᠡᠶᠢᠲᠡ ᠶ᠋ᠢᠨ ᠰᠦᠯᠵᠢᠶᠡᠨ ᠳ᠋ᠥ ᠮᠡᠳᠡᠭᠡᠯᠡᠭᠰᠡᠨ ᠲᠠᠯᠪᠢᠭᠰᠠᠨ ᠬᠥᠮᠥᠨ ᠤ ᠳᠤᠷᠠᠳᠤᠭᠰᠠᠨ ᠬᠣᠶᠠᠷ ᠲᠥᠷᠥᠯ ᠤᠨ ᠸᠠᠺᠼᠢᠨ ᠨᠢ ᠪᠦᠭᠦᠳᠡ ᠨᠠᠶᠢᠷᠠᠮᠳᠠᠬᠤ ᠰᠣᠯᠣᠩᠭᠣᠰ ᠤᠯᠤᠰ ᠪᠣᠯ ᠪᠸᠯᠭᠢ ᠤᠯᠤᠰ ᠤᠨ ᠦᠢᠯᠡᠳᠪᠦᠷᠢ ᠶ᠋ᠢᠨ ᠬᠢ ᠶᠤᠮ ᠭᠡᠪᠡ ᠃