ᠶᠠᠫᠤᠨ ᠤ ᠲᠸᠨᠰᠴᠢᠨ ᠪᠦᠰᠡᠭᠦᠢ ᠨᠠᠤᠮᠢ ᠣᠰᠠᠺᠠ ᠥᠩᠭᠡᠷᠡᠭᠰᠡᠨ 12 ᠰᠠᠷ᠎ᠠ ᠶ᠋ᠢᠨ ᠬᠠᠮᠤᠭ ᠤᠨ ᠥᠨᠳᠥᠷ ᠣᠷᠣᠯᠭ᠎ᠠ ᠲᠠᠢ ᠡᠮᠡᠭᠲᠡᠢ ᠲᠠᠮᠢᠷᠴᠢᠨ ᠢᠶᠠᠷ ᠲᠣᠳᠣᠷᠠᠵᠠᠢ ᠃ ︽ ᠶᠡᠬᠡ ᠳᠤᠭᠤᠯᠭ᠎ᠠ ︾ ᠶ᠋ᠢᠨ ᠬᠣᠶᠠᠷ ᠤᠳᠠᠭᠠᠨ ᠤ ᠠᠪᠤᠷᠭᠤ ᠲᠡᠷᠡ ᠪᠡᠷ ᠥᠩᠭᠡᠷᠡᠭᠰᠡᠨ 12 ᠰᠠᠷ᠎ᠠ ᠳᠤ ᠲᠡᠮᠡᠴᠡᠭᠡᠨ ᠤ ᠱᠠᠩᠨᠠᠯ ᠂ ᠵᠠᠷ ᠰᠤᠷᠳᠠᠯᠴᠢᠯᠠᠭᠠᠨ ᠤ ᠭᠡᠷ᠎ᠡ ᠡᠴᠡ ᠨᠡᠶᠢᠲᠡ 37.4 ᠰᠠᠶ᠎ᠠ ᠳ᠋ᠣᠯᠯᠠᠷ ᠣᠯᠣᠭᠰᠠᠨ ᠪᠠᠶᠢᠨ᠎ᠠ ᠃ ᠡᠮᠡᠭᠲᠡᠢ ᠲᠧᠨ᠋ᠨᠢᠰ ᠦᠨ ᠠᠮᠢᠳᠤ ᠳᠣᠮᠣᠭ ᠰᠸᠷᠸᠨᠠ ᠤᠢᠯᠢᠶᠠᠮᠰ ᠲᠡᠭᠦᠨ ᠡᠴᠡ 1.5 ᠰᠠᠶ᠎ᠠ ᠪᠠᠷ ᠪᠠᠭ᠎ᠠ ᠶ᠋ᠢ ᠣᠯᠣᠭᠰᠠᠨ ᠪᠠᠶᠢᠨ᠎ᠠ ᠃
︽ ᠹᠤᠷᠪᠸᠰ ︾ ᠰᠡᠳᠬᠦᠯ ᠳᠡᠯᠡᠬᠡᠢ ᠶ᠋ᠢᠨ ᠬᠠᠮᠤᠭ ᠤᠨ ᠥᠨᠳᠥᠷ ᠣᠷᠣᠯᠭ᠎ᠠ ᠲᠠᠢ ᠡᠮᠡᠭᠲᠡᠢ ᠲᠠᠮᠢᠷᠴᠢᠨ ᠢ ᠲᠣᠳᠣᠷᠠᠭᠤᠯᠤᠭᠠᠳ 30 ᠵᠢᠯ ᠪᠣᠯᠵᠤ ᠪᠠᠶᠢᠭ᠎ᠠ ᠪᠥᠭᠡᠳ ᠲᠸᠨᠰᠴᠢᠳ ᠲᠡᠷᠢᠭᠦᠨ ᠪᠠᠶᠢᠷᠢᠨ ᠳᠤ ᠵᠠᠯᠠᠷᠠᠭᠰᠠᠭᠠᠷ ᠢᠷᠠᠵᠠᠢ ᠃ ᠨᠠᠤᠮᠢ ᠣᠰᠠᠺᠠ ᠨᠡᠶᠢᠲᠡ ᠲᠠᠮᠢᠷᠴᠢᠳ ᠤᠨ ᠳᠤᠮᠳᠠ ᠪᠠᠨ ᠬᠠᠷᠢᠨ 29 ᠳ᠋ᠤᠭᠡᠷ ᠲᠦ ᠣᠷᠣᠭᠰᠠᠨ ᠪᠠᠶᠢᠨ᠎ᠠ ᠃