ᠦᠨᠳᠦᠰᠦᠨ ᠪ ᠥᠪ ᠰᠤᠶᠤᠯ ᠂ ᠲᠡᠦᠬᠡ ᠂ ᠤᠯᠠᠮᠵᠢᠯᠠᠯ ᠊ᠢ ᠢᠯᠡᠷᠬᠡᠢᠢᠯᠡᠭᠰᠡᠨ ᠰᠢᠯᠢᠳᠡᠭ ᠪᠦᠲᠦᠭᠡᠯ ᠪᠣᠯᠤᠨ ᠰᠢᠯᠢᠳᠡᠭ ᠲᠧᠯᠸᠢᠰ ᠂ ᠷᠠᠳᠢᠣ᠋ ᠰᠢᠯᠭᠠᠷᠠᠭᠤᠯᠬᠤ ᠤᠷᠤᠯᠳᠤᠭᠠᠨ ᠪ ᠤᠳᠤᠷᠢᠳᠤᠮᠵᠢ ᠭᠠᠷᠤᠯ᠎ᠠ ᠃ 300 ᠣᠷᠴᠢᠮ ᠰᠠᠶ᠎ᠠ ᠲᠥᠭᠥᠷᠢᠭ ᠤᠨ ᠰᠠᠩᠬᠦᠦᠵᠢᠯᠲᠡ ᠪᠦᠬᠦᠢ ᠲᠤᠰ ᠤᠷᠤᠯᠳᠤᠭᠠᠨ ᠪ ᠭᠤᠤᠯ ᠵᠤᠷᠢᠯᠭ᠎ᠠ ᠨᠢ ᠦᠨᠳᠦᠰᠦᠨ ᠪ ᠶᠡᠬᠡ ᠪᠠᠶᠠᠷ ᠨᠠᠭᠠᠳᠤᠮ ᠊ᠢ ᠤᠭᠲᠤᠵᠤ ᠂ ᠮᠤᠩᠭᠤᠯ ᠦᠨᠳᠦᠰᠦᠨ ᠪ ᠥᠪ ᠰᠤᠶᠤᠯ ᠂ ᠲᠡᠦᠬᠡ ᠤᠯᠠᠮᠵᠢᠯᠠᠯ ᠂ ᠶᠤᠰᠣ ᠵᠠᠩᠰᠢᠯ ᠂ ᠥᠪᠡᠷᠮᠢᠴᠡ ᠣᠨᠴᠠᠯᠢᠭ ᠊ᠢ ᠢᠯᠡᠷᠬᠡᠢᠢᠯᠡᠭᠰᠡᠨ ᠂ ᠠᠷᠠᠳ ᠢᠷᠭᠡᠳ ᠲᠦ ᠡᠬᠡ ᠣᠷᠤᠨᠴᠢ ᠦᠵᠡᠯ ᠂ ᠪᠠᠬᠠᠷᠬᠠᠯ ᠊ᠢ ᠲᠥᠯᠦᠪᠰᠢᠭᠦᠯᠬᠦ ᠳ᠋ᠦ ᠴᠢᠭᠯᠡᠭᠰᠡᠨ ᠷᠠᠳᠢᠣ᠋ ᠂ ᠲᠧᠯᠸᠢᠰ ᠤᠨ ᠪᠦᠲᠦᠭᠡᠯ ᠊ᠢ ᠠᠷᠪᠢᠵᠢᠭᠤᠯᠬᠤ ᠂ ᠦᠨᠳᠦᠰᠦᠨ ᠪ ᠪᠦᠲᠦᠭᠡᠯ ᠊ᠢ ᠣᠯᠠᠨ ᠨᠡᠢᠢᠲᠡ ᠳ᠋ᠦ ᠬᠦᠷᠲᠡᠭᠡᠮᠵᠢ ᠲᠠᠢ ᠬᠦᠷᠭᠡᠬᠦ ᠳ᠋ᠦ ᠲᠥᠷᠦ ᠡᠴᠡ ᠳᠡᠮᠵᠢᠯᠭᠡ ᠦᠵᠡᠭᠦᠯᠬᠦ ᠳ᠋ᠦ ᠣᠷᠤᠰᠢᠵᠤ ᠪᠠᠢᠢᠭ᠎ᠠ ᠶᠤᠮ ᠃
ᠤᠷᠤᠯᠳᠤᠭᠠᠨ ᠳᠤ ᠣᠷᠤᠯᠴᠠᠵᠤ ᠪᠠᠢᠢᠭ᠎ᠠ ᠦᠨᠳᠦᠰᠦᠨ ᠪ ᠪᠦᠲᠦᠭᠡᠯ ᠤᠨ ᠠᠭᠤᠯᠭ᠎ᠠ ᠂ ᠴᠢᠨᠠᠷ ᠊ᠢ ᠰᠠᠢᠢᠵᠢᠷᠠᠭᠤᠯᠬᠤ ᠂ ᠣᠷᠤᠯᠴᠠᠭ᠎ᠠ ᠵᠢ ᠨᠡᠮᠡᠭᠳᠡᠭᠦᠯᠬᠦ ᠂ ᠲᠧᠯᠸᠢᠰ ᠷᠠᠳᠢᠣ᠋ ᠵᠢᠨ ᠬᠥᠲᠦᠯᠪᠦᠷᠢ ᠳ᠋ᠦ ᠡᠵᠡᠯᠡᠬᠦ ᠦᠨᠳᠦᠰᠦᠨ ᠪ ᠪᠦᠲᠦᠭᠡᠯ ᠂ ᠨᠡᠪᠲᠡᠷᠡᠭᠦᠯᠭᠡ ᠵᠢᠨ ᠴᠢᠨᠠᠷ ᠂ ᠬᠤᠪᠢ ᠬᠡᠮᠵᠢᠶ᠎ᠡ ᠵᠢ ᠨᠡᠮᠡᠭᠳᠡᠭᠦᠯᠬᠦ ᠳ᠋ᠦ ᠠᠩᠬᠠᠷᠴᠤ ᠳᠠᠷᠠᠭᠠᠬᠢ ᠲᠥᠷᠦᠯ ᠵᠢᠨᠷ ᠵᠠᠷᠯᠠᠵᠤ ᠪᠠᠢᠢᠨ᠎ᠠ ᠃ ᠦᠨᠳᠦᠰᠦᠨ ᠪ ᠪᠦᠲᠦᠭᠡᠯ ᠪᠦᠬᠦᠢ 7 ᠬᠤᠨᠤᠭ ᠰᠢᠯᠢᠳᠡᠭ ᠬᠥᠲᠦᠯᠪᠦᠷᠢ ᠲᠠᠢ ᠷᠠᠳᠢᠣ᠋ ᠂ ᠲᠧᠯᠸᠢᠰ ᠲᠤᠰᠪᠦᠷᠢ ᠪᠡᠷ ︔ ᠦᠨᠳᠦᠰᠦᠨ ᠪ ᠰᠢᠯᠢᠳᠡᠭ ᠲᠧᠯᠸᠢᠰ ᠤᠨ ᠪᠦᠲᠦᠭᠡᠯ︔ ᠦᠨᠳᠦᠰᠦᠨ ᠪ ᠰᠢᠯᠢᠳᠡᠭ ᠷᠠᠳᠢᠣ᠋ ᠵᠢᠨ ᠪᠦᠲᠦᠭᠡᠯ︔ ᠦᠨᠳᠦᠰᠦᠨ ᠪ ᠰᠢᠯᠢᠳᠡᠭ ᠬᠡᠦᠬᠡᠳ ᠤᠨ ᠪᠦᠲᠦᠭᠡᠯ︵ ᠷᠠᠳᠢᠣ᠋ ᠂ ᠲᠧᠯᠸᠢᠰ ᠲᠤᠰ ᠪᠦᠷᠢ ᠪᠡᠷ︶︔ ᠣᠷᠤᠨ ᠨᠤᠲᠤᠭ ᠤᠨ ᠲᠧᠯᠸᠢᠰ ᠷᠠᠳᠢᠣ᠋ ᠵᠢᠨ ᠦᠨᠳᠦᠰᠦᠨ ᠪ ᠰᠢᠯᠢᠳᠡᠭ ᠪᠦᠲᠦᠭᠡᠯ᠃