ᠠᠮᠧᠷᠢᠺᠠ ᠶ᠋ᠢᠨ ᠶᠡᠷᠦᠩᠬᠡᠶᠢᠯᠡᠭᠴᠢ ᠳ᠋ᠣᠨᠠᠯᠢᠳ᠋ ᠲᠷᠠᠮᠫ Covid-19 ᠺᠣᠷᠣᠨᠠ ᠸᠢᠷᠦ᠋ᠰ ᠦᠨ ᠲᠠᠯ᠎ᠠ ᠪᠡᠷ ᠬᠢ ᠡᠭᠡᠯᠵᠢᠲᠦ ᠬᠡᠪᠯᠡᠯ ᠤᠨ ᠪᠠᠭ᠎ᠠ ᠬᠤᠷᠠᠯ ᠤᠨ ᠢᠶᠡᠨ ᠦᠶ᠎ᠡ ᠪᠡᠷ ᠰᠡᠳᠬᠦᠯᠴᠢᠳ ᠲᠠᠢ ᠮᠠᠭᠤᠳᠠᠯᠴᠠᠨ ᠬᠤᠷᠠᠯ ᠢ ᠬᠠᠶᠠᠵᠤ ᠶᠠᠪᠤᠵᠠᠢ ᠃ ᠲᠡᠷᠡ ᠪᠡᠷ ᠠᠮᠧᠷᠢᠺᠠ ᠶ᠋ᠢᠨ ᠺᠣᠷᠣᠨᠠ ᠸᠢᠷᠦ᠋ᠰ ᠢ ᠢᠯᠡᠷᠡᠭᠦᠯᠬᠦ ᠰᠣᠷᠢᠯ ᠢ ᠪᠤᠰᠤᠳ ᠣᠷᠣᠨ ᠨᠣᠭᠣᠳ ᠡᠴᠠ ᠢᠯᠡᠭᠦᠦ ᠶᠡᠬᠡ ᠬᠢᠵᠦ ᠪᠠᠶᠢᠭ᠎ᠠ ᠲᠤᠬᠠᠢ ᠮᠡᠳᠡᠭᠳᠡᠬᠦ ᠳ᠋ᠥ ᠨᠢᠭᠡᠨ ᠰᠡᠳᠬᠦᠯᠴᠢ ᠲᠡᠭᠦᠨ ᠡᠴᠡ ᠲᠤᠰ ᠤᠯᠤᠰ ᠲᠤ ᠬᠥᠮᠥᠰ ᠣᠯᠠᠨ ᠢᠶᠠᠷ ᠢᠶᠡᠨ ᠨᠠᠰᠤ ᠪᠠᠷᠠᠭᠰᠠᠭᠠᠷ ᠪᠠᠶᠢᠬᠤ ᠳᠤ ᠰᠣᠷᠢᠯ ᠤᠨ ᠲᠣᠭ᠎ᠠ ᠬᠡᠮᠵᠢᠶᠡᠨ ᠤ ᠲᠠᠯ᠎ᠠ ᠪᠡᠷ ᠶᠠᠷᠢᠭᠠᠳ ᠪᠠᠶᠢᠭ᠎ᠠ ᠶ᠋ᠢ ᠠᠰᠠᠭᠤᠭᠰᠠᠨ ᠪᠠᠶᠢᠨ᠎ᠠ ᠃ ᠬᠠᠷᠢᠭᠤ ᠳᠤ ᠨᠢ ᠴᠠᠭᠠᠨ ᠣᠷᠳᠣᠨ ᠤ ᠲᠡᠷᠢᠭᠦᠨ ︽ᠡᠨᠡ ᠲᠠᠯ᠎ᠠ ᠪᠡᠷ ᠨᠠᠳᠠ ᠡᠴᠠ ᠪᠢᠰᠢ ᠬᠢᠲᠠᠳ ᠤᠯᠤᠰ ᠡᠴᠠ ᠠᠰᠠᠭᠤᠬᠤ ᠶᠣᠰᠣᠲᠠᠢ ︾ᠭᠡᠵᠡᠢ ᠃ ᠲᠡᠷᠡ ᠪᠡᠷ ᠤᠭ ᠠᠰᠠᠭᠤᠯᠲᠠ ᠶ᠋ᠢ ︽ ᠮᠠᠭᠤᠬᠠᠢ ︾ᠠᠰᠠᠭᠤᠯᠲᠠ ᠭᠡᠰᠡᠨ ᠢᠶ᠋ᠡᠷ ᠰᠡᠳᠬᠦᠯᠴᠢ ᠶ᠋ᠢᠨ ᠳᠤᠷ᠎ᠠ ᠦᠭᠡᠶᠢᠴᠡᠯ ᠢ ᠬᠦᠷᠭᠡᠵᠡᠢ ᠃ ᠲᠷᠠᠮᠫ ᠳᠠᠷᠠᠭᠠᠴᠢ ᠶ᠋ᠢᠨ ᠠᠰᠠᠭᠤᠯᠲᠠ ᠳᠤ ᠬᠠᠷᠢᠭᠤᠯᠬᠤ ᠡᠴᠠ ᠲᠠᠲᠠᠭᠠᠯᠵᠠᠭᠰᠠᠨ ᠪᠠᠶᠢᠨ᠎ᠠ ᠃ ︽ ᠬᠡᠪᠯᠡᠯ ᠮᠡᠳᠡᠭᠡᠯᠡᠯ ᠤᠨ ᠲᠦᠯᠦᠭᠡᠯᠡᠭᠴᠢ ᠳᠦ ᠠᠰᠠᠭᠤᠯᠲᠠ ᠲᠠᠯᠪᠢᠬᠤ ᠪᠣᠯᠣᠮᠵᠢ ᠣᠯᠭᠣᠭᠰᠠᠨ ᠂ ᠲᠡᠷᠡ ᠬᠡᠲᠦᠷᠬᠡᠢ ᠬᠣᠶᠢᠷᠭᠤ ᠪᠠᠶᠢᠨ᠎ᠠ ︾ᠭᠡᠳ ᠬᠡᠪᠯᠡᠯ ᠤᠨ ᠪᠠᠭ᠎ᠠ ᠬᠤᠷᠠᠯ ᠢ ᠲᠠᠰᠤᠯᠤᠨ ᠵᠣᠭᠰᠣᠭᠠᠵᠠᠢ ᠃