︽ᠰᠫᠣᠷᠲ ᠤᠨ ᠰᠡᠳᠬᠢᠯ ᠵᠦᠢ︾ ᠴᠤᠪᠤᠷᠠᠯ ᠰᠤᠷᠭᠠᠯᠲᠠ ᠵᠣᠬᠢᠶᠠᠨ ᠪᠠᠶᠢᠭᠤᠯᠤᠨ᠎ᠠ | News.MN

︽ᠰᠫᠣᠷᠲ ᠤᠨ ᠰᠡᠳᠬᠢᠯ ᠵᠦᠢ︾ ᠴᠤᠪᠤᠷᠠᠯ ᠰᠤᠷᠭᠠᠯᠲᠠ ᠵᠣᠬᠢᠶᠠᠨ ᠪᠠᠶᠢᠭᠤᠯᠤᠨ᠎ᠠ

ᠮᠣᠩᠭᠣᠯ ᠤᠨ ᠦᠨᠳᠦᠰᠦᠨ ᠦ ᠣᠯᠢᠮᠫ ᠤᠨ ᠬᠣᠷᠢᠶ᠎ᠠ︽ᠰᠫᠣᠷᠲ ᠤᠨ ᠰᠡᠳᠬᠢᠯ ᠵᠦᠢ︾ᠴᠤᠪᠤᠷᠠᠯ ᠰᠤᠷᠭᠠᠯᠲᠠ ᠶᠢ ᠰᠫᠣᠷᠲ ᠤᠨ ᠰᠡᠳᠬᠢᠯ ᠵᠦᠢᠴᠢ ᠪᠣᠯᠤᠨ ᠲᠠᠮᠢᠷᠴᠢᠳ ᠲᠠᠢ ᠬᠠᠮᠲᠤᠷᠠᠨ ᠦᠵᠡᠭᠴᠢᠳ ᠲᠦ ᠬᠦᠷᠭᠡᠬᠦ ᠪᠡᠷ ᠪᠣᠯᠵᠠᠢ᠃ ᠰᠫᠣᠷᠲ ᠤᠨ ᠰᠡᠳᠬᠢᠯ ᠰᠤᠳᠤᠯᠤᠯ ᠨᠢ ᠲᠠᠮᠢᠷᠴᠢᠳ ᠢ ᠰᠡᠳᠬᠢᠯ ᠵᠦᠢ ᠶᠢᠨ ᠪᠣᠯᠤᠨ ᠰᠡᠳᠬᠢᠯ ᠬᠥᠳᠡᠯᠦᠯ ᠦᠨ ᠬᠤᠪᠢ ᠳᠤ ᠲᠣᠭᠲᠠᠪᠤᠷᠢᠲᠠᠢ ᠪᠠᠶᠢᠯᠭᠠᠬᠤ᠂ ᠲᠡᠳᠡᠨ ᠢ ᠤᠨᠠᠯᠲᠠ᠂ ᠪᠡᠷᠲᠡᠯ᠂ ᠭᠦᠢᠴᠡᠳᠬᠡᠯ ᠦᠨ ᠲᠦᠪᠰᠢᠨ ᠡᠰᠡᠪᠡᠯ ᠰᠡᠳᠬᠢᠯ ᠵᠦᠢ  ᠶᠢᠨ ᠪᠯᠣᠺ ᠢ ᠳᠠᠪᠠᠨ ᠭᠠᠷᠬᠤ᠂ ᠰᠫᠣᠷᠲ ᠲᠠᠢ ᠬᠣᠯᠪᠣᠭ᠎ᠠ ᠦᠭᠡᠢ ᠠᠰᠠᠭᠤᠳᠠᠯ ᠤᠳ ᠢ ᠳᠠᠪᠠᠨ ᠲᠤᠭᠤᠯᠬᠤ ᠳᠤ ᠲᠤᠰᠠᠯᠠᠬᠤ ᠮᠠᠰᠢ ᠴᠢᠬᠤᠯᠠ ᠨᠥᠯᠥᠭᠡ ᠲᠡᠢ ᠪᠠᠶᠢᠳᠠᠭ᠃

ᠲᠤᠬᠠᠢ ᠶᠢᠨ ᠲᠠᠮᠢᠷᠴᠢᠨ ᠪᠡᠶ᠎ᠡ ᠮᠠᠬᠠᠪᠣᠳ ᠪᠣᠯᠤᠨ ᠰᠡᠳᠬᠢᠯ ᠵᠦᠢ ᠶᠢᠨ ᠬᠤᠪᠢ ᠳᠤ ᠪᠦᠷᠢᠨ ᠪᠡᠯᠡᠳᠬᠡᠭᠳᠡᠭᠰᠡᠨ᠂ ᠥᠨᠳᠥᠷ ᠲᠦᠪᠰᠢᠨ ᠳᠦ ᠪᠠᠶᠢᠭ᠎ᠠ ᠲᠣᠬᠢᠶᠠᠯᠳᠤᠯ ᠳᠤ ᠢᠯᠡᠭᠦᠦ ᠠᠮᠵᠢᠯᠲᠠ ᠳᠤ  ᠬᠦᠷᠳᠡᠭ᠃ ᠲᠡᠭᠡᠪᠡᠯ ᠰᠡᠳᠬᠢᠯ ᠵᠦᠢ ᠶᠢᠨ ᠬᠤᠪᠢ ᠳᠤ ᠲᠠᠮᠢᠷᠴᠢᠳ ᠲᠤ ᠲᠤᠰᠠᠯᠠᠬᠤ ᠵᠣᠷᠢᠯᠭ᠎ᠠ ᠲᠠᠢ ᠰᠢᠨ᠎ᠡ ᠺᠣᠨᠲ᠋ᠧᠨᠲ ᠤᠨ ᠡᠬᠢᠨ ᠦ ᠳ᠋ᠤᠭᠠᠷ ᠡᠨᠡ ᠰᠠᠷ᠎ᠠ ᠶᠢᠨ 9 ᠍ ᠤ 21᠄00 ᠴᠠᠭ ᠲᠤ MNB ᠰᠫᠣᠷᠲ ᠰᠤᠪᠠᠭ ᠢᠶᠠᠷ ᠭᠠᠷᠤᠨ᠎ᠠ᠃

 

ᠰᠡᠳᠬᠢᠭᠳᠡᠯ ᠦᠯᠡᠳᠡᠭᠡᠬᠦ