ᠬᠥᠭᠵᠢᠮ ᠦᠨ ᠵᠣᠬᠢᠶᠠᠯᠴᠢ ᠣ᠊∙ᠴᠢᠩᠪᠠᠲᠤ ᠬᠢᠭᠢᠯᠢ ᠬᠦᠭᠵᠢᠮ ᠳᠦ ᠵᠣᠷᠢᠭᠤᠯᠤᠭᠰᠠᠨ︽ᠭᠡᠭᠡᠨ ᠬᠠᠶᠢᠷ᠎ᠠ︾ᠬᠡᠮᠡᠬᠦ ᠪᠦᠲᠦᠭᠡᠯ ᠲᠤᠭᠤᠷᠪᠢᠭᠰᠠᠨ ᠢ ᠬᠢᠭᠢᠯᠢᠴᠢ ᠬ∙ᠠᠷᠢᠭᠤᠨᠰᠠᠶᠢᠬᠠᠨ ᠲᠣᠭᠯᠠᠵᠤ᠂ ᠡᠮᠦᠨᠡᠲᠦ ᠬᠥᠷᠰᠢ ᠳᠦ ᠠᠵᠢᠯᠯᠠᠳᠠᠭ ᠫᠷᠣᠳᠢᠶᠦ᠋ᠰᠧᠷ ᠠᠯᠲᠠᠨᠬᠤᠶᠠᠭ ᠳᠦᠷᠰᠦᠵᠢᠭᠦᠯᠦᠨ ᠺᠯᠢᠫ ᠪᠣᠯᠭᠠᠵᠠᠢ᠃ ᠬᠠᠮᠲᠤ ᠶᠢᠨ ᠪᠦᠲᠦᠭᠡᠯ ᠢᠶᠡᠨ ᠤᠯᠠᠨ ᠳᠤ ᠲᠦᠭᠡᠭᠡᠭᠡᠳ ᠤᠳᠠᠭ᠎ᠠ ᠦᠭᠡᠢ ᠪᠠᠶᠢᠭ᠎ᠠ ᠵᠠᠯᠠᠭᠤᠰ ᠤᠨ ᠲᠥᠯᠥᠭᠡᠯᠡᠯ ᠬᠢᠭᠢᠯᠢᠴᠢ ᠡᠴᠡ ᠵᠠᠷᠢᠮ ᠵᠦᠢᠯ ᠢ ᠲᠣᠳᠣᠷᠠᠭᠤᠯᠤᠯ᠎ᠠ᠃
– ᠪᠦᠯᠢᠶᠡᠨ ᠳᠤᠯᠠᠭᠠᠨ᠂ ᠵᠥᠭᠡᠯᠡᠨ ᠭᠡᠬᠦ ᠪᠡᠷ ᠥᠩᠭᠡ ᠠᠶᠠᠰ ᠲᠠᠢ ᠵᠣᠬᠢᠶᠠᠯ ᠶᠤᠮ᠃ ᠲᠠᠨ ᠳᠤ ᠲᠣᠭᠯᠠᠬᠤ ᠳᠤ ᠤᠷᠮ᠎ᠠ ᠲᠠᠢ ᠪᠠᠶᠢᠪᠠ ᠤᠤ︖
– ᠮᠡᠷᠭᠡᠵᠢᠯ ᠦᠨ ᠬᠥᠭᠵᠢᠮᠴᠢᠳ ᠲᠣᠭᠯᠠᠵᠤ ᠪᠠᠶᠢᠬᠤ ᠪᠦᠲᠦᠭᠡᠯ ᠪᠣᠯᠵᠠᠢ ᠭᠡᠵᠦ ᠪᠣᠳᠣᠭᠰᠠᠨ᠃ ᠴᠢᠨᠠᠭᠰᠢᠳᠠ ᠬᠢᠭᠢᠯᠢ ᠬᠥᠭᠵᠢᠮ ᠦᠨ ᠰᠤᠷᠭᠠᠯᠲᠠ ᠳᠤ ᠠᠰᠢᠭᠯᠠᠵᠤ ᠴᠤ ᠪᠤᠯᠬᠤ ᠪᠠᠷ᠃ ᠮᠡᠳᠡᠭᠡᠵᠢ ᠬᠥᠭᠵᠢᠮ ᠦᠨ ᠵᠣᠬᠢᠶᠠᠯᠴᠢ ᠥᠪᠡᠷ ᠢᠶᠡᠨ ᠵᠥᠪᠰᠢᠶᠡᠷᠡᠪᠡᠯ ᠰᠢᠦ ᠳ᠋ᠡ᠃ ᠭᠠᠷ ᠲᠤ ᠡᠪᠲᠡᠶᠢᠬᠡᠨ᠂ ᠳᠤᠮᠳᠠ ᠬᠡᠰᠡᠭ ᠲᠦ ᠪᠡᠨ ᠲᠧᠭᠨᠢᠭ ᠨᠡᠯᠢᠶᠡᠳ ᠱᠠᠭᠠᠷᠳᠠᠭᠰᠠᠨ ᠪᠦᠲᠦᠭᠡᠯ᠃ ᠴᠢᠩᠪᠠ ᠬᠢᠭᠢᠯᠢ ᠶᠢ ᠰᠠᠶᠢᠨ ᠰᠤᠳᠤᠯᠤᠭᠰᠠᠨ ᠶᠤᠮ ᠰᠢᠭ᠋ ᠰᠠᠨᠠᠭᠳᠠᠭᠰᠠᠨ᠃
– ᠬᠢᠭᠢᠯᠢ ᠬᠦᠭᠵᠢᠮ ᠳᠦ ᠵᠣᠷᠢᠭᠤᠯᠤᠭᠰᠠᠨ ᠵᠣᠬᠢᠶᠠᠯ ᠭᠡᠬᠦ ᠪᠡᠷ ᠵ∙ᠴᠢᠯᠠᠭᠤᠨ ᠤ ᠠᠯᠳᠠᠷᠲᠠᠢ ᠬᠡᠳᠦᠨ ᠪᠦᠲᠦᠭᠡᠯ ᠬᠠᠮᠤᠭ ᠤᠨ ᠲᠦᠷᠦᠭᠦᠨ ᠳᠦ ᠰᠠᠨᠠᠭᠠᠨ ᠳᠤ ᠣᠷᠣᠵᠤ ᠪᠠᠶᠢᠨ᠎ᠠ᠃ ᠥᠭᠡᠷ᠎ᠡ ᠬᠡᠨ ᠦ ᠬᠢ ᠪᠠᠶᠢᠳᠠᠭ ᠪᠢᠯᠡ︖
– ᠤᠯᠤᠰ ᠤᠨ ᠬᠡᠮᠵᠢᠶᠡᠨ ᠳᠦ ᠬᠢᠭᠢᠯᠢ ᠳᠦ ᠵᠣᠷᠢᠭᠤᠯᠤᠭᠰᠠᠨ ᠪᠦᠲᠦᠭᠡᠯ 70 ᠭᠠᠷᠤᠢ ᠪᠠᠶᠢᠳᠠᠭ᠃ ᠮᠠᠰᠢ ᠴᠥᠭᠡᠨ᠃
– ᠬᠥᠭᠵᠢᠮ ᠦᠨ ᠵᠣᠬᠢᠶᠠᠯᠴᠢ ᠤᠭ ᠪᠦᠲᠦᠭᠡᠯ ᠢᠶᠡᠨ ᠲᠠᠨ ᠳᠤ ᠪᠡᠯᠡᠭᠯᠡᠭᠰᠡᠨ ᠭᠡᠰᠡᠨ᠃ ᠡᠶᠢᠮᠦ ᠭᠣᠶᠣ ᠪᠡᠯᠡᠭ ᠠᠪᠬᠤ ᠬᠦᠨᠳᠦᠲᠡᠢ ᠬᠦᠮᠦᠨ ᠨᠢ ᠶᠤᠮ ᠪᠠᠶᠢᠨ᠎ᠠ ᠭᠡᠵᠦ ᠣᠶᠢᠯᠠᠭᠠᠵᠤ ᠪᠣᠯᠬᠤ ᠤᠤ︖
-︽ᠭᠡᠭᠡᠨ ᠬᠠᠶᠢᠷ᠎ᠠ︾ᠨᠢ ᠲᠡᠭᠦᠨ ᠦ ᠬᠢᠭᠢᠯᠢ ᠳᠦ ᠵᠣᠷᠢᠭᠤᠯᠤᠭᠰᠠᠨ ᠠᠩᠬᠠᠨ ᠤ ᠪᠦᠲᠦᠭᠡᠯ᠃ ᠨᠡᠯᠢᠶᠡᠳ ᠬᠡᠳᠦᠨ ᠵᠢᠯ ᠦᠨ ᠡᠮᠦᠨ᠎ᠡ ᠲᠤᠭᠤᠷᠪᠢᠭᠠᠳ ᠪᠠᠶᠢᠭᠰᠠᠨ ᠶᠤᠮ ᠪᠢᠯᠡ᠃ ᠨᠠᠳᠠ ᠳᠤ᠄ ᠴᠢᠮᠠᠶᠢ ᠲᠣᠭᠯᠠᠨ᠎ᠠ ᠭᠡᠪᠡᠯ ᠳᠠᠬᠢᠵᠤ ᠨᠠᠶᠢᠷᠠᠭᠤᠯᠤᠶᠠ᠂ ᠲᠡᠭᠡᠭᠡᠳ ᠪᠡᠯᠡᠭᠯᠡᠶ᠎ᠡ ᠭᠡᠰᠡᠨ ᠶᠤᠮ᠃ ᠡᠮᠦᠨᠡᠲᠦ ᠬᠥᠷᠰᠢ ᠡᠴᠡ ᠠᠯᠲᠠᠨᠬᠤᠶᠠᠭ ᠢᠷᠡᠭᠰᠡᠨ ᠪᠠᠶᠢᠵᠤ ᠲᠠᠭᠠᠷᠠᠭᠠᠳ᠂ ᠬᠠᠮᠲᠤ ᠶᠢᠨ ᠠᠵᠢᠯ ᠮᠠᠨᠢ ᠠᠮᠵᠢᠯᠲᠠᠲᠠᠢ ᠥᠷᠨᠢᠭᠰᠡᠨ᠃ ᠠᠯᠲᠠᠨᠬᠤᠶᠠᠭ ᠪᠣᠯ ᠬᠤ ᠬᠠᠮᠲᠤᠯᠢᠭ ᠤᠨ ᠺᠯᠢᠫ ᠦᠳ ᠢ ᠬᠢᠭᠰᠡᠨ ᠵᠠᠯᠠᠭᠤ᠃ ᠲᠤᠷᠰᠢᠯᠭ᠎ᠠ ᠲᠠᠢ᠃