ᠡᠮᠦᠨᠡᠭᠣᠪᠢ ᠠᠶᠢᠮᠠᠭ ᠤᠨ ᠲᠥᠪ ᠨᠣᠮ ᠤᠨ ᠰᠠᠩ ᠠᠴᠠ《ᠡᠮᠦᠨᠡᠭᠣᠪᠢ ᠶᠢᠨ ᠬᠦᠭᠵᠢᠯ ᠳᠦ ᠵᠠᠯᠠᠭᠤᠰ ᠤᠨ ᠣᠷᠣᠯᠴᠠᠭ᠎ᠠ》 ᠴᠤᠪᠤᠷᠠᠯ ᠴᠠᠬᠢᠮ ᠬᠡᠯᠡᠯᠴᠡᠭᠦᠯᠭᠡ ᠶᠢ ᠵᠤᠬᠢᠶᠠᠨ ᠪᠠᠶᠢᠭᠤᠯᠵᠤ᠂ 《ᠲᠷᠧᠨᠳᠢ ᠪᠦᠰᠡᠭᠦᠢ》 ᠨᠣᠮ ᠤᠨ ᠲᠤᠬᠠᠢ ᠶᠠᠷᠢᠯᠴᠠᠯ᠎ᠠ᠃ ᠤᠭ ᠬᠡᠯᠡᠯᠴᠡᠭᠦᠯᠭᠡ ᠳᠦ ᠣᠷᠣᠯᠴᠠᠭᠴᠢᠳ ᠨᠣᠮ ᠢᠶᠠᠨ ᠤᠩᠰᠢᠭᠠᠳ ᠪᠦᠯᠦᠭ ᠪᠦᠷᠢ ᠶᠢᠨ ᠬᠡᠯᠡᠯᠴᠡᠭᠦᠯᠭᠡ ᠪᠡᠷ ᠡᠳᠦᠷ ᠡᠳᠦᠷ ᠦᠨ ᠳᠠᠭᠠᠭᠠᠯᠭᠠᠪᠤᠷᠢ ᠪᠠᠨ ᠭᠦᠢᠴᠡᠳᠭᠡᠨ ᠲᠷᠧᠨᠳᠢ ᠭᠤᠶᠤᠯᠠᠯ ᠤᠨ ᠡᠵᠡᠳ ᠪᠣᠯᠵᠤ ᠪᠠᠶᠢᠭ᠎ᠠ ᠶᠤᠮ᠃
ᠵᠣᠬᠢᠶᠠᠯᠴᠢ ᠲ ∙ ᠭᠦᠯᠳᠠᠤᠷᠸᠨ ᠤ ᠪᠦᠲᠦᠭᠡᠯ 《ᠲᠷᠧᠨᠳᠢ ᠪᠦᠰᠡᠭᠦᠢ》ᠨᠣᠮ ᠤᠨ ᠵᠢᠷᠭᠤᠭᠠᠨ ᠪᠦᠯᠦᠭ ᠪᠦᠷᠢ ᠪᠡᠷ ᠡᠳᠦᠷ ᠪᠦᠷᠢ ᠶᠢᠨ 9 ᠴᠠᠭ ᠠᠴᠠ ᠣᠷᠣᠢ ᠶᠢᠨ 20 ᠴᠠᠭ ᠬᠦᠷᠲᠡᠯ᠎ᠡ ᠬᠡᠯᠡᠯᠴᠡᠭᠦᠯᠭᠡ ᠶᠢ ᠵᠣᠬᠢᠶᠠᠨ ᠪᠠᠶᠢᠭᠤᠯᠵᠤ ᠪᠠᠶᠢᠭ᠎ᠠ ᠪᠥᠭᠡᠳ ᠥᠨᠥᠳᠥᠷ ᠰᠡᠭᠦᠯ ᠦᠨ ᠪᠦᠯᠦᠭ ᠦᠨ ᠬᠡᠯᠡᠯᠴᠡᠭᠦᠯᠭᠡ ᠥᠷᠨᠢᠵᠦ ᠪᠠᠶᠢᠭ᠎ᠠ ᠠᠵᠢ᠃ ᠲᠠᠬᠤᠯ ᠤᠨ ᠤᠯᠠᠮ ᠠᠴᠠ ᠣᠯᠠᠨ ᠨᠡᠶᠢᠲᠡ ᠶᠢᠨ ᠠᠷᠭ᠎ᠠ ᠬᠡᠮᠵᠢᠶ᠎ᠡ ᠶᠢ ᠬᠣᠷᠢᠭᠯᠠᠭᠰᠠᠨ ᠬᠡᠪ ᠢᠶᠡᠷ ᠪᠠᠶᠢᠭ᠎ᠠ᠃ ᠡᠶᠢᠮᠦ ᠳᠦ ᠵᠠᠯᠠᠭᠤᠰ ᠤᠨ ᠴᠢᠯᠦᠭᠡᠲᠦ ᠴᠠᠭ ᠢᠶᠠᠨ ᠵᠥᠪ ᠪᠣᠯᠪᠠᠰᠤᠨ ᠥᠩᠭᠡᠷᠡᠭᠦᠯᠬᠦ᠂ ᠨᠣᠮ ᠤᠩᠰᠢᠬᠤ᠂ ᠤᠩᠰᠢᠭᠰᠠᠨ ᠵᠦᠢᠯ ᠢᠶᠡᠨ ᠪᠤᠰᠤᠳ ᠲᠠᠢ ᠬᠤᠪᠢᠶᠠᠯᠴᠠᠵᠤ ᠰᠤᠷᠬᠤ ᠳᠤ ᠤᠭ ᠠᠷᠭ᠎ᠠ ᠬᠡᠮᠵᠢᠶᠡᠨ ᠦ ᠭᠣᠣᠯ ᠵᠣᠷᠢᠯᠭ᠎ᠠ ᠣᠷᠣᠰᠢᠵᠤ ᠪᠠᠶᠢᠭ᠎ᠠ ᠶᠤᠮ᠃