︽ᠡᠯᠢᠶᠤᠨ ᠵᠣᠴᠢᠳ ᠪᠠᠭᠤᠳᠠᠯ︾ ᠴᠤᠪᠤᠷᠠᠯ ᠤᠨ ᠦᠷᠭᠦᠯᠵᠢᠯᠡᠯ ᠪᠣᠯᠬᠤ ︽ ᠪᠸᠯᠭᠠᠷᠠᠳ᠋ ᠵᠣᠴᠢᠳ ᠪᠠᠭᠤᠳᠠᠯ ︾ ᠤᠷᠠᠨ ᠰᠠᠶᠢᠬᠠᠨ ᠤ ᠺᠢᠨᠣ᠋ ᠣᠷᠣᠰ ᠲᠤ 3 ᠳ᠋ᠤᠭᠠᠷ ᠰᠠᠷ᠎ᠠ ᠶ᠋ᠢᠨ 2 ᠳ᠋ᠥ ᠨᠡᠭᠡᠭᠡᠯᠲᠡ ᠪᠡᠨ ᠬᠢᠭᠰᠡᠨ ᠶᠤᠮ᠃ ᠡᠨᠡ ᠬᠠᠪᠤᠷ ᠤᠨ ᠣᠨᠴᠠᠯᠠᠬᠤ ᠺᠢᠨᠣ᠋ ᠨᠡᠭᠡᠭᠡᠯᠲᠡ ᠨᠦᠭᠦᠳ ᠦᠨ ᠨᠢᠭᠡ ᠪᠤᠯᠤᠭᠰᠠᠨ ᠲᠤᠰ ᠪᠦᠲᠦᠭᠡᠯ ᠮᠠᠨ ᠤ ᠤᠯᠤᠰ ᠤᠨ ᠦᠵᠡᠭᠴᠢᠳ ᠦᠨ ᠬᠦᠷᠲᠡᠭᠡᠯ ᠪᠣᠯᠬᠤ ᠳᠤ ᠪᠡᠯᠡᠨ ᠪᠣᠯᠵᠠᠢ ᠃ ᠺᠢᠨᠣ᠋ ᠶ᠋ᠢᠨ ᠨᠡᠭᠡᠭᠡᠯᠲᠡ ᠬᠥᠯ ᠬᠣᠷᠢᠭᠠᠨ ᠤ ᠦᠶ᠎ᠡ ᠲᠠᠢ ᠳᠠᠪᠬᠤᠴᠠᠭᠰᠠᠨ ᠲᠤᠯᠠ LookTV᠂ ᠳ᠋ᠳ᠋ᠸᠱ TV ᠸᠢᠳᠢᠣ᠋ ᠰᠠᠩ ᠡᠴᠠ ᠬᠦᠰᠡᠭᠰᠡᠨ ᠦᠶ᠎ᠡ ᠳ᠋ᠦ ᠪᠡᠨ ᠬᠦᠯᠢᠶᠡᠨ ᠠᠪᠴᠤ ᠦᠵᠡᠬᠦ ᠪᠣᠯᠣᠮᠵᠢᠲᠠᠢ ᠶᠤᠮ ᠃ ᠲᠤᠰ ᠺᠢᠨᠣ᠋ ᠶ᠋ᠢᠨ ᠭᠣᠣᠯ ᠳᠦᠷᠢ ᠳ᠋ᠦ ᠮᠣᠩᠭᠣᠯ ᠤᠨ ᠦᠵᠡᠭᠴᠢᠳ ᠦᠨ ᠰᠠᠶᠢᠨ ᠲᠠᠨᠢᠯ ︽ᠫᠠᠱᠠ︾ ᠪᠤᠶᠤ ᠮᠢᠯᠤᠱ ᠪᠢᠺᠤᠸᠢᠴ᠂ ︽ᠳ᠋ᠠᠱᠠ︾ ᠪᠤᠶᠤ ᠳ᠋ᠢᠶᠠᠨᠠ ᠫᠤᠵᠠᠷᠰᠺᠠᠶᠠ ᠨᠠᠷ ᠲᠣᠭᠯᠠᠵᠤ ᠡᠷᠭᠢᠨ ᠢᠷᠡᠬᠦ ᠶᠤᠮ᠃
ᠣᠷᠣᠰ ᠤᠨ ᠺᠢᠨᠣ᠋ ᠤᠷᠠᠯᠢᠭ ᠤᠨ ᠲᠡᠦᠬᠡ ᠶ᠋ᠢ ᠰᠢᠨ᠎ᠡ ᠱᠠᠲᠤᠨ ᠳᠤ ᠭᠠᠷᠭᠠᠭᠰᠠᠨ ︽ ᠭᠠᠯ ᠲᠣᠭᠣᠭ᠎ᠠ ︾ ᠴᠤᠪᠤᠷᠠᠯ ᠢ ᠮᠠᠨ ᠤ ᠦᠵᠡᠭᠴᠢᠳ ᠠᠨᠳᠠᠬᠤ ᠦᠭᠡᠢ ᠃ ᠳᠡᠯᠡᠬᠡᠢ ᠨᠡᠶᠢᠲᠡ ᠶ᠋ᠢ ᠪᠠᠶᠢᠯᠳᠤᠨ ᠳᠠᠭᠠᠭᠤᠯᠤᠭᠰᠠᠨ ᠲᠤᠰ ᠴᠤᠪᠤᠷᠠᠯ ᠡᠴᠠ ︽ᠡᠯᠢᠶᠤᠨ ᠵᠣᠴᠢᠳ ᠪᠠᠭᠤᠳᠠᠯ︾ ᠂ ︽ᠭᠷᠠᠨᠳ᠋ ᠵᠣᠴᠢᠳ ᠪᠠᠭᠤᠳᠠᠯ ︾ ᠵᠡᠷᠭᠡ ᠰᠢᠯᠢᠳᠡᠭ ᠪᠦᠲᠦᠭᠡᠯ ᠤᠳ ᠤᠯᠪᠠᠭᠠᠯᠠᠨ ᠭᠠᠷᠤᠭᠰᠠᠨ ᠶᠤᠮ᠃ ᠡᠨᠡ ᠤᠳᠠᠭ᠎ᠠ ᠳ᠋ᠤ ︽ᠡᠯᠢᠶᠤᠨ ᠵᠣᠴᠢᠳ ᠪᠠᠭᠤᠳᠠᠯ︾ ᠴᠤᠪᠤᠷᠠᠯ ᠤᠨ ᠲᠡᠭᠦᠰᠬᠡᠯ ᠳ᠋ᠥ ᠬᠣᠶᠠᠷ ᠲᠡᠶᠢᠰᠢ ᠪᠣᠯᠣᠭᠰᠠᠨ ᠫᠠᠱᠠ᠂ ᠳ᠋ᠠᠱᠠ ᠬᠣᠶᠠᠷ ᠳᠥᠷᠪᠡᠨ ᠵᠢᠯ ᠤᠨ ᠳᠠᠷᠠᠭ᠎ᠠ ᠰᠸᠷᠪᠢ ᠳᠦ ᠰᠠᠨᠠᠮᠰᠠᠷ ᠦᠭᠡᠢ ᠲᠠᠭᠠᠷᠠᠯᠳᠤᠳᠠᠭ ᠪᠠᠶᠢᠨ᠎ᠠ ᠃ ᠬᠠᠷᠢᠨ ᠲᠡᠳᠡᠨ ᠣ ᠬᠠᠶᠢᠷ᠎ᠠ ᠡᠷᠭᠢᠨ ᠰᠡᠷᠭᠦᠬᠦ ᠪᠣᠯᠪᠠ ᠦᠦ ︖ ᠭᠡᠰᠡᠨ ᠠᠰᠠᠭᠤᠯᠲᠠ ᠶ᠋ᠢᠨ ᠬᠠᠷᠢᠭᠤᠯᠲᠠ ᠶ᠋ᠢ 5 ᠳ᠋ᠤᠭᠠᠷ ᠰᠠᠷ᠎ᠠ ᠶ᠋ᠢᠨ 2 ᠡᠴᠠ ᠦᠵᠡᠬᠦ ᠪᠣᠯᠣᠮᠵᠢᠲᠠᠢ ᠪᠣᠯᠣᠯ᠎ᠠ ᠃