ᠪᠠᠶᠠᠨᠵᠢᠷᠤᠬᠡ ᠲᠡᠭᠦᠷᠭᠡ ᠶ᠋ᠢᠨ ᠳᠥᠷᠪᠡᠳᠦᠭᠡᠷ ᠬᠣᠷᠢᠶᠠᠨ ᠤ ᠨᠤᠲᠤᠭ ᠳᠡᠪᠢᠰᠬᠡᠷ ᠪᠤᠶᠤ ᠬᠢᠯᠢ ᠬᠠᠮᠠᠭᠠᠯᠠᠬᠤ ᠶᠡᠷᠦᠩᠬᠡᠢ ᠭᠠᠵᠠᠷ ᠤᠨ ᠪᠠᠷᠠᠭᠤᠨ ᠤᠷᠳᠤ ᠪᠠᠶᠢᠷᠢᠯᠠᠬᠤ ᠬᠥᠯ ᠪᠥᠮᠪᠥᠭᠡ ᠶ᠋ᠢᠨ ᠲᠠᠯᠠᠪᠠᠢ ᠶ᠋ᠢ ᠰᠲ᠋ᠠᠨᠳᠠᠷᠲ ᠤᠨ ᠳᠠᠭᠠᠤ ᠲᠣᠬᠢᠵᠢᠭᠤᠯᠵᠤ ᠪᠠᠶᠢᠨ᠎ᠠ᠃ ᠲᠣᠬᠢᠵᠢᠯᠲᠠ ᠶ᠋ᠢᠨ ᠠᠵᠢᠯ ᠥᠨᠥᠳᠥᠷ ᠤᠨ ᠪᠠᠶᠢᠳᠠᠯ ᠢᠶᠠᠷ 85 ᠣᠷᠴᠢᠮ ᠬᠤᠪᠢ ᠲᠠᠢ ᠪᠠᠶᠢᠭ᠎ᠠ ᠠᠵᠠᠢ᠃
ᠣᠳᠣ ᠪᠡᠷ ᠰᠠᠭᠰᠤᠨ ᠪᠥᠮᠪᠥᠭᠡ ᠶ᠋ᠢᠨ ᠲᠠᠯᠠᠪᠠᠢ ᠶ᠋ᠢ ᠵᠣᠷᠢᠭᠤᠯᠤᠯᠲᠠ ᠶ᠋ᠢᠨ ᠷᠸᠽᠢᠨ ᠢᠶᠠᠷ ᠪᠦᠷᠢᠬᠦ ᠠᠵᠢᠯ ᠂ ᠶᠠᠪᠠᠭᠠᠨ ᠬᠥᠮᠥᠨ ᠣ ᠵᠠᠮ ᠤᠨ ᠬᠠᠪᠲᠠᠩ ᠰᠠᠭᠤᠷᠢᠯᠠᠭᠤᠯᠬᠤ ᠂ ᠬᠥᠯ ᠪᠥᠮᠪᠥᠭᠡ ᠶ᠋ᠢᠨ ᠲᠠᠯᠠᠪᠠᠢ ᠶ᠋ᠢᠨ ᠱᠤᠭᠤᠮ ᠪᠤᠳᠤᠭ ᠤᠨ ᠠᠵᠢᠯ ᠳᠠᠭᠤᠰᠤᠭᠰᠠᠨ ᠃ ᠬᠠᠷᠢᠨ ᠬᠡᠦᠬᠡᠳ ᠤᠨ ᠲᠣᠭᠯᠠᠭᠠᠮ ᠤᠨ ᠲᠠᠯᠠᠪᠠᠢ ᠪᠠᠶᠢᠭᠤᠯᠬᠤ ᠠᠵᠢᠯ ᠂ ᠣᠷᠣᠬᠤ ᠭᠠᠷᠬᠤ ᠫᠤᠰᠲ ᠤᠨ ᠳᠣᠲᠣᠭᠠᠳᠤ ᠵᠠᠰᠠᠯ ᠂ ᠤᠬᠢᠶᠠᠯᠭ᠎ᠠ ᠶ᠋ᠢᠨ ᠥᠷᠥᠭᠡᠨ ᠦ ᠠᠵᠢᠯ ᠤᠳ ᠬᠢᠭᠳᠡᠵᠦ ᠪᠠᠶᠢᠨ᠎ᠠ ᠃ ᠨᠡᠶᠢᠲᠡ 1.8 ᠭᠠ ᠭᠠᠵᠠᠷ ᠲᠤ ᠴᠡᠴᠡᠷᠯᠢᠭᠲᠦ ᠬᠦᠷᠢᠶᠡᠯᠡᠩ ᠂ ᠭᠦᠶᠦᠯᠲᠡ ᠶ᠋ᠢᠨ ᠵᠠᠮ ᠂ ᠬᠥᠯ ᠪᠥᠮᠪᠥᠭᠡ ᠂ ᠰᠠᠭᠰᠤᠨ ᠪᠥᠮᠪᠥᠭᠡ ᠂ ᠸᠣᠯᠸᠢᠢᠪᠣᠯ ᠤᠨ ᠲᠠᠯᠠᠪᠠᠢ ᠂ ᠭᠡᠷᠡᠯᠲᠦᠭᠦᠯᠭᠡ ᠂ ᠠᠦ᠋ᠲ᠋ᠣ᠋ ᠮᠠᠰᠢᠨ ᠤ ᠵᠣᠭᠰᠣᠭᠠᠯ ᠂ ᠤᠬᠢᠶᠠᠯᠭ᠎ᠠ ᠶ᠋ᠢᠨ ᠥᠷᠥᠭᠡ ᠪᠦᠬᠦᠢ ᠢᠵᠢ ᠪᠦᠷᠢᠨ ᠰᠫᠣᠷᠲ ᠤᠨ ᠲᠠᠯᠠᠪᠠᠢ ᠪᠠᠶᠢᠭᠤᠯᠵᠤ ᠪᠠᠶᠢᠨ᠎ᠠ ᠃ ᠰᠫᠣᠷᠲ ᠤᠨ ᠲᠠᠯᠠᠪᠠᠢ ᠶ᠋ᠢ ᠢᠷᠡᠬᠦ ᠰᠠᠷ᠎ᠠ ᠶ᠋ᠢᠨ 15 ᠳ᠋ᠥ ᠠᠰᠢᠭᠯᠠᠯᠲᠠ ᠳᠤ ᠣᠷᠣᠭᠤᠯᠬᠤ ᠪᠠᠷ ᠲᠥᠯᠥᠪᠯᠡᠵᠡᠢ ᠃