ᠮᠣᠩᠭᠣᠯᠴᠤᠳ ᠤᠨ ᠳᠡᠯᠡᠬᠡᠢ ᠳ᠋ᠥ ᠭᠠᠶᠢᠬᠠᠭᠤᠯᠬᠤ ᠰᠣᠶᠣᠯ ᠤᠨ ᠥᠪ ᠤᠨ ᠨᠢᠭᠡ ᠪᠣᠯᠬᠤ ᠱᠠᠭ᠎ᠠ ᠶ᠋ᠢᠨ ᠬᠠᠷᠪᠤᠭ᠎ᠠ ᠶ᠋ᠢ 2014 ᠣᠨ ᠤ ᠠᠷᠪᠠᠨ ᠨᠢᠭᠡᠳᠦᠭᠡᠷ ᠰᠠᠷ᠎ᠠ ᠳᠤ ᠶᠤᠨᠧᠰᠺᠤ ᠶ᠋ᠢᠨ ᠰᠣᠶᠣᠯ ᠤᠨ ᠪᠡᠶᠡᠲᠦ ᠪᠤᠰᠤ ᠥᠪ ᠤᠨ ᠵᠢᠭᠰᠠᠭᠠᠯᠲᠠ ᠳᠤ ᠪᠦᠷᠢᠳᠬᠡᠭᠰᠡᠨ ᠪᠢᠯᠡ ᠃ ᠱᠠᠭ᠎ᠠ ᠶ᠋ᠢᠨ ᠬᠠᠷᠪᠤᠭ᠎ᠠ ᠨᠢ ᠬᠡᠦᠬᠡᠳ ᠵᠠᠯᠠᠭᠤᠰ ᠴᠠᠭ ᠢᠶᠡᠨ ᠵᠥᠪ ᠪᠣᠯᠪᠠᠰᠤᠨ ᠥᠩᠭᠡᠷᠡᠭᠦᠯᠬᠦ ᠂ ᠬᠣᠶᠢᠴᠢ ᠦᠶ᠎ᠡ ᠳ᠋ᠦ ᠪᠡᠨ ᠦᠨᠳᠦᠰᠦᠨ ᠣ ᠥᠪ ᠰᠣᠶᠣᠯ ᠢᠶᠡᠨ ᠤᠯᠠᠮᠵᠢᠯᠠᠭᠤᠯᠬᠤ ᠣᠯᠠᠨ ᠲᠠᠯ᠎ᠠ ᠶ᠋ᠢᠨ ᠠᠴᠢ ᠬᠣᠯᠪᠣᠭᠳᠠᠯ ᠲᠠᠢ ᠃ ᠲᠡᠭᠡᠪᠡᠯ ᠮᠣᠩᠭᠣᠯ ᠲᠦᠮᠡᠨ ᠥ ᠨᠠᠭᠠᠳᠤᠭᠠᠢ ᠪᠣᠯᠬᠤ ᠱᠠᠭ᠎ᠠ ᠶ᠋ᠢᠨ ᠬᠠᠷᠪᠤᠭᠠᠨ ᠤ ᠠᠩᠬᠠᠨ ᠤ ᠲᠥᠷᠥᠯᠵᠢᠭᠰᠡᠨ ︽ᠮᠣᠩᠭᠣᠯ ᠥᠪ ︾ ᠠᠰᠠᠷ ᠢ ᠥᠩᠭᠡᠷᠡᠭᠰᠡᠨ ᠳᠠᠸᠠ ᠭᠠᠷᠠᠭ ᠲᠤ ᠨᠡᠭᠡᠭᠡᠪᠡ ᠃ ᠱᠠᠭ᠎ᠠ ᠶ᠋ᠢᠨ ᠬᠠᠷᠪᠤᠭ᠎ᠠ ᠶ᠋ᠢ ᠵᠠᠯᠠᠭᠤᠰ ᠲᠤ ᠰᠤᠷᠲᠠᠯᠴᠢᠯᠠᠨ ᠲᠠᠨᠢᠭᠤᠯᠬᠤ ᠵᠣᠷᠢᠯᠭ᠎ᠠ ᠪᠡᠷ ᠪᠠᠶᠢᠭᠤᠯᠤᠭᠰᠠᠨ ᠲᠤᠰ ᠠᠰᠠᠷ ᠲᠤ 50 ᠭᠠᠷᠤᠢ ᠬᠥᠮᠥᠨ ᠬᠢᠴᠢᠶᠡᠯᠯᠡᠬᠦ ᠪᠣᠯᠣᠮᠵᠢᠲᠠᠢ ᠃ ᠰᠣᠨᠢᠷᠬᠠᠭᠤᠯᠬᠤ ᠳ᠋ᠤ ᠂ ᠱᠠᠭ᠎ᠠ ᠶ᠋ᠢᠨ ᠬᠠᠷᠪᠤᠭ᠎ᠠ ᠨᠢ ᠥᠪᠡᠷ ᠤᠨ ᠭᠡᠰᠡᠨ ᠳᠦᠷᠢᠮ ᠲᠠᠢ ᠃ 1999 ᠣᠨ ᠳᠤ ᠱᠠᠭ᠎ᠠ ᠶ᠋ᠢᠨ ᠬᠠᠷᠪᠤᠭ᠎ᠠ ᠶ᠋ᠢ ᠪᠠᠶᠠᠷ ᠨᠠᠭᠠᠳᠤᠮ ᠤᠨ ᠳᠥᠷᠪᠡᠳᠡᠬᠢ ᠲᠥᠷᠥᠯ ᠪᠣᠯᠭᠠᠵᠤ ᠂ ᠬᠥᠲᠥᠯᠪᠦᠷᠢ ᠳ᠋ᠦ ᠨᠢ ᠠᠯᠪᠠᠨ ᠶᠣᠰᠣ ᠪᠡᠷ ᠪᠠᠭᠲᠠᠭᠠᠭᠰᠠᠨ ᠃ ᠱᠠᠭ᠎ᠠ ᠶ᠋ᠢ ᠵᠢᠷᠤᠬᠠᠢ ᠡᠴᠠ ᠶᠢᠰᠦᠨ ᠲᠣᠬᠣᠢ ᠪᠤᠶᠤ 4.72 ᠮᠧᠲ᠋ᠷ ᠵᠠᠢ ᠡᠴᠠ ᠬᠠᠷᠪᠤᠨ ᠬᠠᠰᠠ ᠶᠢ ᠣᠨᠣᠬᠤ ᠪᠥᠭᠡᠳ ᠬᠠᠷᠪᠤᠬᠤ ᠬᠡᠷᠡᠭᠰᠡᠯ ᠢ ᠬᠠᠰᠢᠯᠭ᠎ᠠ ᠂ ᠰᠤᠮᠤ ᠬᠡᠮᠡᠨ ᠨᠡᠷᠡᠯᠡᠳᠡᠭ ᠃ ᠮᠣᠩᠭᠣᠯ ᠳᠦ ᠡᠨᠡ ᠰᠫᠣᠷᠲ ᠢᠶᠠᠷ ᠬᠢᠴᠢᠶᠡᠯᠯᠡᠳᠡᠭ 18 000 ᠰᠣᠨᠢᠷᠬᠠᠭᠴᠢ ᠪᠤᠢ ᠃ ᠱᠠᠭ᠎ᠠ ᠶ᠋ᠢᠨ ᠬᠠᠷᠪᠤᠭ᠎ᠠ ᠪᠠᠷ ᠬᠢᠴᠢᠶᠡᠯᠯᠡᠭᠴᠢ ᠲᠡᠰᠪᠦᠷᠢ ᠬᠠᠲᠠᠭᠤᠵᠢᠯᠲᠠᠢ ᠪᠣᠯᠬᠤ ᠡᠴᠠ ᠭᠠᠳᠠᠨ᠎ᠠ ᠠᠯᠢᠪᠠ ᠳᠤ ᠬᠦᠯᠢᠶᠡᠴᠡ ᠲᠠᠢ ᠬᠠᠨᠳᠤᠵᠤ ᠂ ᠵᠥᠪ ᠰᠢᠢᠳᠪᠦᠷᠢ ᠭᠠᠷᠭᠠᠬᠤ ᠴᠢᠳᠠᠪᠤᠷᠢ ᠡᠵᠡᠮᠰᠢᠳᠡᠭ ᠪᠠᠶᠢᠨ᠎ᠠ ᠃