ᠮᠣᠩᠭᠣᠯ ᠤᠨ ᠦᠨᠳᠦᠰᠦᠨ ᠣ ᠪᠥᠬᠡ ᠶ᠋ᠢᠨ ᠬᠣᠯᠪᠣᠭ᠎ᠠ ᠲᠡᠷᠢᠭᠦᠯᠡᠭᠴᠢᠳ ᠤᠨ ᠬᠤᠷᠠᠯ 04.13 ᠳᠤ ᠵᠣᠬᠢᠶᠠᠨ ᠪᠠᠶᠢᠭᠤᠯᠤᠭᠳᠠᠵᠠᠢ ᠃ ᠡᠨᠡ ᠬᠦ ᠬᠤᠷᠠᠯ ᠢᠶᠠᠷ ᠮᠣᠩᠭᠣᠯ ᠤᠨ ᠦᠨᠳᠦᠰᠦᠨ ᠣ ᠪᠥᠬᠡ ᠶ᠋ᠢᠨ ᠬᠣᠯᠪᠣᠭ᠎ᠠ ᠶᠢᠨ ᠲᠡᠷᠢᠭᠦᠨ ᠪ᠊·ᠪᠠᠲᠤᠡᠷᠳᠡᠨᠢ ᠥᠪᠡᠷ ᠤᠨ ᠬᠦᠰᠡᠯᠲᠡ ᠪᠡᠷ ᠡᠭᠦᠷᠭᠡᠲᠦ ᠠᠵᠢᠯ ᠢᠶᠡᠨ ᠬᠦᠯᠢᠶᠡᠯᠭᠡᠨ ᠥᠭᠴᠦ ᠪᠤᠢ ᠪᠠᠨ ᠮᠡᠳᠡᠭᠳᠡᠵᠦ ᠂ ᠳᠠᠷᠠᠭ᠎ᠠ ᠶ᠋ᠢᠨ ︽ ᠶᠡᠬᠡ ᠡᠶ᠎ᠡ ︾ ᠬᠤᠷᠠᠯ ᠬᠦᠷᠲᠡᠯ᠎ᠡ ᠲᠡᠭᠦᠨ ᠦ ᠲᠦᠷ ᠣᠷᠣᠯᠠᠨ ᠭᠦᠢᠴᠡᠳᠬᠡᠭᠴᠢ ᠪᠡᠷ ᠳᠡᠳ᠋ ᠲᠡᠷᠢᠭᠦᠨ ᠴ᠊·ᠮᠠᠭᠠᠯᠵᠠᠪ ᠳᠦᠷᠢᠮ ᠤᠨ ᠳᠠᠭᠠᠤ ᠲᠣᠳᠣᠷᠠᠵᠠᠢ ᠃ ᠡᠨᠡ ᠬᠦ ᠬᠤᠷᠠᠯ ᠢ ᠵᠣᠬᠢᠶᠠᠨ ᠪᠠᠶᠢᠭᠤᠯᠬᠤ ᠵᠥᠪᠰᠢᠶᠡᠷᠡᠯ ᠢ ᠤᠯᠤᠰ ᠤᠨ ᠣᠨᠴᠠᠭᠠᠢ ᠺᠣᠮᠢᠰ ᠡᠴᠠ ᠠᠯᠪᠠᠨ ᠶᠣᠰᠣ ᠪᠡᠷ ᠠᠪᠴᠤ 12 ᠪᠦᠷᠢᠯᠳᠦᠬᠦᠨ ᠲᠠᠢ ᠂ ᠬᠣᠭᠣᠷᠣᠨᠳᠤ ᠪᠠᠨ 2 ᠮᠧᠲ᠋ᠷ ᠡᠴᠡ ᠪᠠᠭ᠎ᠠ ᠦᠭᠡᠢ ᠵᠠᠢ ᠳᠦ ᠬᠤᠷᠠᠯᠳᠤᠵᠠᠢ ᠃