ᠳᠡᠯᠡᠬᠡᠢ ᠶ᠋ᠢᠨ ᠰᠢᠲᠠᠷ᠎ᠠ ᠶ᠋ᠢᠨ ᠬᠣᠯᠪᠣᠭᠠᠨ ᠡᠴᠠ 65 ᠡᠴᠠ ᠳᠡᠭᠡᠭᠰᠢ ᠨᠠᠰᠤᠨ ᠤ ᠰᠢᠲᠠᠷ᠎ᠠ ᠶ᠋ᠢᠨ ᠠᠬᠠᠮᠠᠳ ᠵᠢᠳᠭᠦᠯᠲᠡᠳ ᠢ ᠳᠡᠮᠵᠢᠬᠦ 20 ᠮᠢᠩᠭᠠᠨ ᠡᠸᠦ᠋ᠷᠤ᠋ ᠶ᠋ᠢᠨ ᠲᠥᠰᠥᠪ ᠲᠠᠢ ᠬᠥᠲᠥᠯᠪᠦᠷᠢ ᠵᠠᠷᠯᠠᠭᠰᠠᠨ ᠃
ᠮᠠᠨ ᠤ ᠤᠯᠤᠰ ᠤᠨ ᠰᠢᠲᠠᠷ᠎ᠠ ᠶ᠋ᠢᠨ ᠬᠣᠯᠪᠣᠭᠠᠨ ᠡᠴᠠ ᠲᠤᠰ ᠲᠡᠳᠬᠦᠯᠭᠡ ᠂ ᠬᠥᠲᠥᠯᠪᠦᠷᠢ ᠳ᠋ᠦ ᠮᠣᠩᠭᠣᠯ ᠤᠯᠤᠰ ᠢ ᠲᠥᠯᠥᠭᠡᠯᠡᠭᠦᠯᠦᠨ 10 ᠠᠬᠠᠮᠠᠳ ᠰᠢᠲᠠᠷᠠᠴᠢᠨ ᠂ ᠳᠠᠰᠬᠠᠯᠵᠢᠭᠤᠯᠤᠭᠴᠢ ᠨᠠᠷ ᠤᠨ ᠮᠠᠲ᠋ᠧᠷᠢᠶᠠᠯ ᠢ ︽ ᠪᠣᠳᠣᠯᠭ᠎ᠠ ᠵᠣᠬᠢᠶᠠᠮᠵᠢ︾ ᠲᠥᠷᠥᠯ ᠳ᠋ᠥ ᠨᠡᠷ᠎ᠡ ᠳᠡᠪᠰᠢᠭᠦᠯᠦᠨ ᠢᠯᠡᠭᠡᠭᠰᠡᠨ ᠢᠶ᠋ᠡᠷ ᠰᠢᠲᠠᠷ᠎ᠠ ᠶ᠋ᠢᠨ ᠰᠫᠣᠷᠲ ᠤᠨ ᠠᠩᠬᠠᠨ ᠤ ᠭᠠᠪᠢᠶᠠᠲᠤ ᠲᠠᠮᠢᠷᠴᠢᠨ ᠂ ᠣᠯᠠᠨ ᠤᠯᠤᠰ ᠤᠨ ᠮᠠᠰᠲ᠋ᠧᠷ ᡀᠠᠮᠦᠰᠦ᠋ᠷᠦᠩ ᠤᠨ ᠮᠢᠭᠮᠠᠷᠰᠦ᠋ᠷᠦᠩ ᠰᠢᠯᠢᠳᠡᠭ ᠲᠠᠮᠢᠷᠴᠢᠨ ᠢᠶᠠᠷ ᠰᠢᠯᠭᠠᠷᠠᠵᠤ ᠳᠡᠯᠡᠬᠡᠢ ᠶ᠋ᠢᠨ ᠰᠢᠲᠠᠷ᠎ᠠ ᠶ᠋ᠢᠨ ᠬᠣᠯᠪᠣᠭᠠᠨ ᠡᠴᠠ ᠵᠠᠷᠯᠠᠵᠤ ᠪᠤᠢ ᠲᠡᠳᠬᠦᠯᠭᠡ ᠠᠪᠬᠤ ᠪᠡᠷ ᠪᠣᠯᠵᠠᠢ ᠃
ᠳᠡᠯᠡᠬᠡᠢ ᠶ᠋ᠢᠨ ᠰᠢᠲᠠᠷ᠎ᠠ ᠶ᠋ᠢᠨ ᠬᠣᠯᠪᠣᠭᠠᠨ ᠡᠴᠠ ᠰᠢᠲᠠᠷ᠎ᠠ ᠶ᠋ᠢᠨ ᠰᠫᠣᠷᠲ ᠲᠤ ᠪᠦᠬᠦᠶᠢᠯᠡ ᠨᠠᠰᠤ ᠪᠠᠨ ᠵᠣᠷᠢᠭᠤᠯᠤᠭᠰᠠᠨ ᠰᠢᠲᠠᠷ᠎ᠠ ᠶ᠋ᠢᠨ ᠠᠬᠠᠮᠠᠳ ᠵᠢᠳᠭᠦᠯᠲᠡᠳ ᠲᠤ ᠵᠣᠷᠢᠭᠤᠯᠬᠤ ᠳᠡᠳᠭᠦᠯᠭᠡᠲᠦ ᠬᠥᠲᠥᠯᠪᠦᠷᠢ ᠶ᠋ᠢᠨ ᠲᠥᠰᠥᠪ ᠢ 35 ᠮᠢᠩᠭᠠᠨ ᠡᠸᠦ᠋ᠷᠥ ᠪᠣᠯᠭᠠᠵᠤ ᠂ ᠳᠥᠷᠪᠡᠨ ᠲᠢᠪ ᠤᠨ 16 ᠣᠷᠣᠨ ᠤ 17 ᠠᠬᠠᠮᠠᠳ ᠰᠢᠲᠠᠷᠠᠴᠢᠨ ᠂ ᠳᠠᠰᠬᠠᠯᠵᠢᠭᠤᠯᠤᠭᠴᠢ ᠂ ᠰᠢᠭᠦᠭᠴᠢ ᠂ ᠰᠢᠲᠠᠷ᠎ᠠ ᠶ᠋ᠢ ᠬᠥᠭᠵᠢᠭᠦᠯᠦᠭᠴᠢ ᠨᠠᠷ ᠲᠤ ᠥᠭᠬᠦ ᠪᠡᠷ ᠰᠢᠢᠳᠪᠦᠷᠢᠯᠡᠭᠰᠡᠨ ᠃ ᠮᠥᠨ ᠳᠡᠯᠡᠬᠡᠢ ᠶ᠋ᠢᠨ ᠰᠢᠲᠠᠷ᠎ᠠ ᠶ᠋ᠢᠨ ᠬᠣᠯᠪᠣᠭᠠᠨ ᠡᠴᠠ ᠭᠠᠷᠭᠠᠭᠰᠠᠨ ᠨᠡᠶᠢᠲᠡᠯᠡᠯ ᠳ᠋ᠦ ᠳᠡᠭᠡᠷᠡᠬᠢ ᠲᠡᠳᠬᠦᠯᠭᠡ ᠶ᠋ᠢ ᠬᠦᠷᠲᠡᠵᠦ ᠪᠤᠢ ᠵᠢᠳᠭᠦᠯᠲᠡᠳ ᠵᠥᠪᠬᠡᠨ ᠰᠠᠩᠬᠦᠦ ᠶ᠋ᠢᠨ ᠳᠡᠮᠵᠢᠯᠭᠡ ᠠᠪᠤᠭᠠᠳ ᠵᠣᠭᠰᠣᠬᠤ ᠦᠭᠡᠢ ᠰᠢᠲᠠᠷ᠎ᠠ ᠶ᠋ᠢᠨ ᠰᠫᠣᠷᠲ ᠲᠤ ᠵᠣᠷᠢᠭᠤᠯᠤᠭᠰᠠᠨ ᠰᠡᠳᠬᠢᠯ ᠵᠢᠷᠦᠬᠡ ᠂ ᠣᠷᠣᠭᠤᠯᠤᠭᠰᠠᠨ ᠬᠤᠪᠢ ᠨᠡᠮᠡᠷᠢ ᠂ ᠭᠠᠶᠢᠬᠠᠮᠰᠢᠭ ᠲᠠᠢ ᠠᠮᠵᠢᠯᠲᠠ ᠨᠢ ︽ ᠰᠢᠲᠠᠷ᠎ᠠ ᠶ᠋ᠢᠨ ᠶᠡᠬᠡ ᠭᠡᠷ ᠪᠦᠯᠢ︾ ᠳ᠋ᠥ ᠳᠠᠭᠤ ᠨᠢᠭᠡᠲᠡᠢ ᠪᠡᠷ ᠠᠯᠪᠠᠨ ᠶᠣᠰᠣ ᠪᠡᠷ ᠬᠦᠯᠢᠶᠡᠨ ᠵᠥᠪᠰᠢᠶᠡᠷᠡᠭᠳᠡᠬᠦ ᠡᠷᠬᠡ ᠲᠠᠢ ᠬᠡᠮᠡᠨ ᠳᠤᠷᠠᠳᠴᠠᠢ ᠃