ᠮᠣᠩᠭᠣᠯ ᠤᠯᠤᠰ ᠤᠨ ᠶᠡᠷᠦᠩᠬᠡᠶᠢᠯᠡᠭᠴᠢ ᠠᠰᠠᠨ ᠴ᠊·ᠡᠯᠪᠡᠭᠳᠣᠷᠵᠢ ᠥᠩᠭᠡᠷᠡᠭᠰᠡᠨ ᠪᠠᠰᠠᠩ ᠭᠠᠷᠠᠭ ᠲᠤ ᠲᠣᠣᠺᠢᠣ᠋ ᠤᠯᠠᠭᠠᠨᠪᠠᠭᠠᠲᠤᠷ ᠴᠢᠭᠯᠡᠯ ᠤᠨ ᠲᠤᠰᠬᠠᠢ ᠡᠭᠦᠷᠭᠡ ᠶ᠋ᠢᠨ ᠨᠢᠰᠦᠯᠭᠡ ᠪᠡᠷ ᠮᠣᠩᠭᠣᠯ ᠳ᠋ᠤ ᠪᠠᠨ ᠢᠷᠡᠭᠡᠳ ᠪᠠᠶᠢᠭ᠎ᠠ ᠪᠢᠯᠡ᠃ ᠲᠡᠷᠡ ᠪᠡᠷ 21 ᠬᠣᠨᠣᠭ ᠤᠨ ᠲᠤᠰᠠᠭᠠᠷᠯᠠᠯᠲᠠ ᠳ᠋ᠤ ᠣᠷᠣᠭᠠᠳ ᠪᠠᠶᠢᠭ᠎ᠠ ᠪᠥᠭᠡᠳ ᠡᠬᠡ ᠣᠷᠣᠨ ᠳᠤ ᠪᠠᠨ ᠢᠷᠡᠭᠰᠡᠨ ᠲᠤᠬᠠᠢ ᠲᠡᠮᠳᠡᠭᠯᠡᠯ ᠬᠥᠲᠥᠯᠥᠨ ᠥᠪᠡᠷ ᠤᠨ ᠴᠠᠬᠢᠮ ᠬᠠᠭᠤᠳᠠᠰᠤᠨ᠎ᠠ ᠨᠡᠶᠢᠲᠡᠯᠡᠵᠡᠢ ᠃
ᠰᠠᠶᠢᠨ ᠪᠠᠶᠢᠵᠠᠭᠠᠨ᠎ᠠ ᠦᠦ︕ ᠲᠣᠣᠺᠢᠣ᠋ ᠡᠴᠠ ᠤᠯᠠᠭᠠᠨᠪᠠᠭᠠᠲᠤᠷ᠂ ᠺᠠᠷᠠᠨ᠋ᠲ᠋ᠢᠨ᠃ ᠪᠢᠴᠢᠬᠠᠨ ᠲᠡᠮᠳᠡᠭᠯᠡᠯ ᠪᠢᠴᠢᠭᠰᠡᠨ ᠢᠶ᠋ᠡᠨ ᠬᠦᠷᠭᠡᠶ᠎ᠡ᠃ ᠲᠠᠭᠠᠯᠠᠵᠤ᠂ ᠲᠦᠭᠡᠭᠡᠵᠦ ᠰᠣᠶᠣᠷᠬᠠᠨ᠎ᠠ ᠦᠦ᠃ ᠰᠠᠶᠢᠨ ᠶᠠᠪᠤᠵᠤ ᠢᠷᠠᠯ᠎ᠠ᠃ ᠥᠷᠯᠥᠭᠡ 4 ᠴᠠᠭ ᠲᠤ ᠪᠣᠰᠣᠯ᠎ᠠ᠃ ᠶᠠᠭᠤᠮ᠎ᠠ ᠪᠠᠨ ᠡᠮᠬᠢᠯᠡᠭᠡᠳ 5 ᠭᠡᠬᠦ ᠳ᠋ᠥ ᠨᠠᠷᠢᠲ᠋ᠠ ᠣᠯᠠᠨ ᠤᠯᠤᠰ ᠤᠨ ᠣᠩᠭᠣᠴᠠᠨ ᠤ ᠪᠠᠭᠤᠳᠠᠯ ᠤᠷᠤᠭᠤ ᠭᠠᠷᠤᠯ᠎ᠠ᠃ ᠲᠣᠣᠺᠢᠣ᠋ ᠳᠤ ᠨᠠᠷᠠ ᠮᠠᠨᠳᠤᠬᠤ ᠶ᠋ᠢ ᠬᠠᠷᠠᠭ᠎ᠠ ᠦᠭᠡᠢ ᠶᠠᠪᠤᠭᠰᠠᠨ ᠶᠤᠮ ᠪᠣᠯᠪᠠ ᠦᠦ᠂ ᠵᠢᠯᠣᠭᠣ ᠪᠠᠷᠢᠵᠤ ᠶᠠᠪᠤᠭᠰᠠᠨ ᠵᠠᠯᠠᠭᠤ ᠭᠡᠨᠡᠳᠲᠡ ᠥᠭᠡᠳᠡ ᠡᠴᠡ ᠪᠦᠲᠦᠨ ᠢᠶ᠋ᠡᠷ ᠢᠶ᠋ᠡᠨ ᠳᠤᠭᠤᠶᠢᠷᠠᠨ ᠰᠠᠴᠤᠷᠠᠵᠤ ᠲᠤᠰᠬᠤ ᠨᠠᠷᠠ ᠶᠢ ᠬᠠᠷᠠᠭᠠᠳ ᠰᠡᠳᠬᠢᠯ ᠨᠢ ᠬᠥᠳᠡᠯᠦᠭᠰᠡᠨ ᠪᠣᠯᠣᠯᠲᠠᠢ᠃ ᠶᠠᠪᠤᠭᠤᠲᠠ ᠳᠤᠮᠳᠠ ᠪᠠᠨ ᠵᠢᠷᠤᠭ ᠳᠠᠷᠤᠬᠤ ᠭᠡᠵᠦ ᠦᠵᠡᠪᠡ᠃ ᠨᠠᠷᠠᠨ ᠤᠯᠤᠰ ᠤᠨ ᠨᠠᠷᠠ ᠡᠨᠡ ᠥᠷᠯᠥᠭᠡ ᠲᠣᠳᠣ ᠮᠠᠨᠳᠤᠯ᠎ᠠ᠃ ᠣᠩᠭᠣᠴᠠᠨ ᠤ ᠪᠠᠭᠤᠳᠠᠯ ᠳ᠋ᠤ ᠢᠷᠡᠬᠦ ᠳ᠋ᠥ ᠮᠠᠨ ᠤ ᠠᠬ᠎ᠠ ᠳᠡᠭᠦᠦ ᠨᠠᠷ ᠠᠷᠤ ᠠᠷᠤ ᠡᠴᠠ ᠪᠠᠨ ᠴᠤᠪᠤᠷᠠᠵᠤ ᠢᠷᠡᠭᠰᠡᠭᠡᠷ ᠤᠷᠲᠤ ᠳᠠᠷᠠᠭᠠᠯᠠᠯ ᠪᠣᠯᠣᠯ᠎ᠠ᠃ ᠲᠦᠮᠡ ᠲᠦᠵᠢᠭᠢᠨᠡᠵᠦ ᠪᠤᠮ ᠪᠤᠵᠢᠭᠢᠨᠠᠵᠤ ᠪᠠᠶᠢᠳᠠᠭ ᠣᠩᠭᠣᠴᠠᠨ ᠤ ᠪᠠᠭᠤᠳᠠᠯ ᠡᠯᠤᠢ ᠬᠤᠯᠤᠢ᠃ ᠪᠠᠭᠤᠳᠠᠯ᠂ ᠳᠡᠯᠭᠡᠭᠦᠷ᠂ ᠴᠠᠢ ᠶ᠋ᠢᠨ ᠭᠠᠵᠠᠷ᠂ ᠬᠤᠳᠠᠯᠳᠤᠭᠠᠨ ᠤ ᠮᠤᠬᠤᠯᠠᠭ ᠤᠳ ᠪᠠᠷᠤᠭ ᠲᠣᠯᠣᠭᠠᠢ ᠳᠠᠷᠠᠭᠠᠯᠠᠨ ᠬᠠᠭᠠᠯᠭ᠎ᠠ ᠪᠠᠨ ᠪᠠᠷᠢᠵᠠᠢ᠃ ᠥᠷᠯᠥᠭᠡ 6 ᠳ᠋ᠥ ᠪᠦᠷᠢᠳᠬᠡᠭᠡᠳ 8.30 ᠭᠡᠳ ᠣᠩᠭᠣᠴᠠ ᠬᠥᠭᠡᠷᠬᠦ ᠵᠠᠷ ᠲᠠᠢ᠃ ᠬᠥᠯ ᠪᠠᠭ᠎ᠠ ᠲᠠᠢ ᠤᠴᠢᠷ ᠶᠠᠭᠠᠷᠠᠬᠤ ᠴᠦ ᠶᠠᠭᠤᠮ᠎ᠠ ᠠᠯᠠᠭ᠎ᠠ᠃ ᠪᠢᠲᠡᠭᠦᠦ ᠴᠠᠭᠠᠨ ᠬᠤᠪᠴᠠᠰᠤ᠂ ᠨᠢᠭᠤᠷ ᠠᠮᠠᠨ ᠤ ᠬᠠᠭᠠᠯᠲᠠ ᠲᠠᠢ ᠬᠥᠮᠥᠰ ᠤᠭᠲᠤᠵᠤ ᠦᠢᠯᠡᠴᠢᠯᠡᠪᠡ ᠃ ᠳ᠋ᠤᠭᠠᠷ ᠳᠠᠷᠠᠭᠠᠯᠠᠯ ᠳᠠᠭᠠᠷᠢᠬᠤ ᠶᠠᠭᠤᠮ᠎ᠠ ᠦᠭᠡᠢ᠂ ᠪᠦᠭᠦᠳᠡ ᠴᠡᠭᠴᠡᠲᠡᠢ ᠂ ᠪᠡᠶᠡᠰ ᠢᠶ᠋ᠡᠨ ᠬᠦᠨᠳᠦᠯᠡᠭᠰᠡᠨ ᠰᠠᠶᠢᠬᠠᠨ ᠠᠭᠤᠷ ᠠᠮᠢᠰᠬᠤᠯ ᠃
ᠰᠠᠶᠢᠨ ᠪᠠᠶᠢᠨ᠎ᠠ ᠦᠦ᠂ ᠵᠠ ᠣᠳᠣ ᠲᠠ ᠭᠡᠰᠡᠨ ᠰᠠᠶᠢᠬᠠᠨ ᠮᠣᠩᠭᠣᠯ ᠮᠡᠨᠳᠦᠴᠢᠯᠡᠭᠡ᠂ ᠬᠠᠷᠢᠴᠠᠭ᠎ᠠ ᠃ ᠵᠢᠷ ᠤᠨ ᠦᠶ᠎ᠡ ᠶ᠋ᠢ ᠪᠣᠳᠣᠪᠠᠯ ᠨᠡᠮᠡᠭᠳᠡᠭᠰᠡᠨ ᠠᠵᠢᠯ ᠪᠠᠰᠠ ᠪᠠᠶᠢᠨ᠎ᠠ᠃ ᠬᠠᠯᠠᠭᠤᠨ ᠦᠵᠡᠨ᠎ᠡ ᠂ ᠠᠯᠪᠠᠨ ᠤ ᠵᠢᠭᠠᠪᠤᠷᠢ ᠲᠠᠨᠢᠯᠴᠠᠭᠤᠯᠤᠨ᠎ᠠ᠂ ᠠᠰᠠᠭᠤᠮᠵᠢ ᠪᠦᠭᠯᠡᠭᠦᠯᠦᠨᠡ᠃ ᠮᠢᠨᠤ ᠬᠠᠯᠠᠭᠤᠨ 36.4 ᠪᠠᠶᠢᠪᠠ᠃ ᠭᠡᠨᠡᠳᠲᠡ ᠬᠠᠯᠠᠭᠤᠷᠠᠭᠠᠳ ᠡᠬᠢᠯᠡᠬᠦ ᠪᠤᠢ᠂ ᠣᠯᠠᠨ ᠬᠥᠮᠥᠨ ᠳ᠋ᠥ ᠭᠠᠢ ᠪᠣᠯᠬᠤ ᠪᠤᠢ ᠭᠡᠵᠦ ᠶᠠᠭᠠᠬᠢᠭᠠᠳ ᠴᠦ ᠶᠤᠮ ᠪᠣᠳᠣᠭᠳᠠᠵᠤ ᠪᠠᠶᠢᠪᠠ᠃
ᠭᠠᠶᠢᠲᠤ ᠡᠪᠡᠳᠴᠢᠨ ᠲᠠᠷᠬᠠᠵᠤ ᠡᠬᠢᠯᠡᠬᠦ ᠦᠶ᠎ᠡ ᠡᠴᠡ ᠯᠡ ᠬᠤᠪᠢ ᠶ᠋ᠢᠨ ᠠᠷᠢᠭᠤᠨ ᠴᠡᠪᠡᠷ᠂ ᠳᠢᠭᠯᠢᠮ ᠢ ᠰᠠᠶᠢᠨ ᠰᠠᠬᠢᠵᠤ ᠶᠠᠪᠤᠭ᠎ᠠ ᠶᠤᠮ᠃ ᠪᠣᠯᠭᠣᠮᠵᠢᠯᠠᠬᠤ ᠶᠠᠮᠠᠷ ᠴᠦ ᠰᠢᠨᠵᠢ ᠲᠡᠮᠳᠡᠭ ᠥᠪᠡᠷ ᠲᠥ ᠪᠠᠶᠢᠬᠤ ᠦᠭᠡᠢ ᠪᠠᠶᠢᠭᠰᠠᠨ ᠴᠦ᠂ ᠴᠠᠭ ᠨᠢ ᠪᠤᠯᠪᠠᠯ ᠬᠥᠮᠥᠨ ᠪᠣᠳᠣᠳᠠᠭ ᠯᠡ ᠶᠤᠮ ᠪᠠᠶᠢᠨ᠎ᠠ᠃ ᠭᠣᠣᠯ ᠨᠢ ᠥᠪᠡᠷᠲᠡᠭᠡᠨ ᠰᠠᠨᠠᠭ᠎ᠠ ᠵᠣᠪᠠᠵᠤ ᠪᠢᠰᠢ᠂ ᠪᠤᠰᠤᠳ ᠲᠤ ᠰᠠᠨᠠᠭ᠎ᠠ ᠵᠣᠪᠠᠵᠤ᠃
ᠣᠩᠭᠣᠴᠠᠨ ᠤ ᠬᠠᠭᠠᠯᠭ᠎ᠠ ᠪᠡᠷ ᠣᠷᠣᠬᠤ ᠳᠤ ᠵᠡᠭᠦᠵᠦ ᠢᠷᠡᠭᠰᠡᠨ ᠠᠮᠠᠨ ᠤ ᠬᠠᠭᠠᠯᠲᠠ ᠶ᠋ᠢ ᠰᠣᠯᠢᠵᠤ ᠰᠢᠨ᠎ᠡ ᠮᠠᠰᠺ ᠥᠭᠭᠦᠯ᠎ᠡ᠃ ᠮᠠᠨ ᠤ ᠣᠩᠭᠣᠴᠠᠨ ᠤ ᠪᠠᠭ ᠤᠨ ᠬᠢᠨ ᠡᠮᠦᠨ᠎ᠡ ᠣᠷᠣᠢ ᠢᠷᠡᠭᠰᠡᠨ ᠶᠤᠮ ᠪᠠᠶᠢᠨ᠎ᠠ᠃ ᠲᠠ ᠰᠠᠶᠢᠨ ᠶᠠᠪᠤᠵᠤ ᠪᠠᠶᠢᠨ᠎ᠠ ᠦᠦ᠂ ᠪᠡᠶ᠎ᠡ ᠰᠠᠶᠢᠨ ᠦᠦ ᠭᠡᠳ ᠯᠡ᠃ ᠵᠠᠷᠢᠮ ᠨᠢ᠄ ᠰᠣᠰᠢᠶᠠᠯ ︵ᠤᠯᠠᠨ ᠨᠡᠶᠢᠲᠡ ᠶᠢᠨ ᠮᠡᠳᠡᠭᠡᠯᠡᠯ ᠦᠨ ᠬᠡᠷᠡᠭᠰᠡᠯ︶ ᠡᠴᠠ ᠲᠠᠨ ᠢ ᠬᠠᠷᠠᠭᠠᠳ ᠪᠠᠶᠢᠭ᠎ᠠ᠂ ᠬᠥᠮᠥᠰ ᠰᠡᠳᠬᠢᠭᠳᠡᠯ ᠶᠡᠬᠡ ᠪᠢᠴᠢᠬᠦ ᠶᠤᠮ ᠭᠡᠵᠦ ᠪᠠᠶᠢᠪᠠ᠃ ᠮᠠᠨᠠᠶᠢᠬᠢᠨ ᠨᠢᠭᠡ ᠯᠡ ᠳᠣᠲᠣᠨᠣ᠂ ᠨᠢᠭᠡ ᠯᠡ ᠰᠠᠶᠢᠬᠠᠨ᠃ ᠣᠩᠭᠣᠴᠠᠨ ᠳᠤ ᠣᠷᠣᠭᠠᠳ ᠰᠠᠭᠤᠳᠠᠯ ᠢᠶᠡᠨ ᠡᠵᠡᠯᠡᠬᠦ ᠳ᠋ᠥ ᠡᠨᠡ ᠨᠢᠰᠦᠯᠭᠡ ᠶᠡᠷᠦ ᠪᠤᠰᠤ ᠶ᠋ᠢᠨ ᠴᠠᠭ ᠲᠤ ᠪᠣᠯᠵᠤ ᠪᠠᠶᠢᠭ᠎ᠠ᠂ ᠶᠡᠷᠦ ᠪᠤᠰᠤ ᠶ᠋ᠢᠨ ᠨᠢᠰᠦᠯᠭᠡ ᠪᠣᠯᠬᠤ ᠨᠢ ᠢᠯᠡᠳᠲᠡ᠃ ᠲᠦᠷᠦᠭᠦᠴᠢ ᠶ᠋ᠢᠨ ᠥᠭᠦᠯᠡᠭᠰᠡᠨ ᠢ ᠦᠯᠦ ᠳᠠᠪᠲᠠᠨ ᠪᠢᠴᠢᠬᠦ ᠳ᠋ᠦ ᠣᠩᠭᠣᠴᠠᠨ ᠤ ᠨᠢᠰᠬᠡᠭᠴᠢᠳ᠂ ᠦᠢᠯᠡᠴᠢᠯᠡᠭᠴᠢᠳ᠂ ᠪᠠᠭ ᠤᠨ ᠬᠢᠨ ᠪᠦᠭᠦᠳᠡ ᠬᠠᠮᠠᠭᠠᠯᠠᠯᠲᠠ ᠶ᠋ᠢᠨ ᠪᠢᠲᠡᠭᠦᠦ ᠬᠤᠪᠴᠠᠰᠤ ᠲᠠᠢ᠃ ᠬᠡᠨ ᠨᠢ ᠣᠩᠭᠣᠴᠠᠨ ᠤ᠂ ᠬᠡᠨ ᠨᠢ ᠮᠡᠷᠭᠡᠵᠢᠯ ᠤᠨ ᠬᠢᠨᠠᠯᠲᠠ ᠶ᠋ᠢᠨ ᠪᠣᠯᠣᠨ ᠡᠮᠴᠢ ᠠᠯᠪᠠᠨ ᠤ ᠪᠣᠯᠬᠤ ᠨᠢ ᠲᠠᠨᠢᠬᠤ ᠠᠷᠭ᠎ᠠ ᠦᠭᠡᠢ᠃ ᠭᠡᠬᠦ ᠳ᠋ᠦ ᠪᠡᠨ ᠰᠢᠯᠤᠨ ᠤ ᠴᠠᠭᠠᠨ᠎ᠠ ᠡᠴᠠ ᠲᠣᠷᠮᠣᠯᠵᠠᠨ ᠬᠠᠷᠠᠬᠤ ᠂ ᠬᠠᠷᠢᠴᠠᠬᠤ ᠡᠶᠡᠯᠳᠡᠭ ᠪᠠᠶᠢᠳᠠᠯ ᠨᠢ ᠰᠡᠳᠬᠢᠯ ᠳᠤᠯᠠᠭᠠᠴᠠᠭᠤᠯᠤᠮᠠᠷ ᠃
ᠣᠩᠭᠣᠴᠠ ᠲᠣᠣᠺᠢᠣ᠋ ᠶ᠋ᠢᠨ ᠴᠠᠭ ᠢᠶᠠᠷ11.25 ᠳ᠋ᠥ ᠭᠠᠵᠠᠷ ᠡᠴᠠ ᠲᠠᠰᠤᠷᠠᠪᠠ᠃ ᠣᠩᠭᠣᠴᠠᠨ ᠳᠤ ᠬᠠᠯᠠᠭᠤᠨ ᠦᠵᠡᠬᠦ ᠂ ᠮᠡᠷᠭᠡᠵᠢᠯ ᠤᠨ ᠬᠥᠮᠥᠰ ᠠᠵᠢᠭᠯᠠᠯᠲᠠ ᠬᠢᠬᠦ ᠂ ᠠᠰᠠᠭᠤᠮᠵᠢ ᠪᠦᠭᠯᠡᠭᠦᠯᠬᠦ ᠡᠴᠡ ᠥᠭᠡᠷ᠎ᠡ ᠦᠢᠯᠡᠴᠢᠯᠡᠭᠡ ᠂ ᠬᠥᠳᠡᠯᠭᠡᠭᠡᠨ ᠪᠠᠷᠤᠭ ᠦᠭᠡᠢ᠃ ᠪᠦᠬᠦ ᠬᠥᠮᠥᠨ ᠣ ᠫᠠᠰᠫᠣᠷᠲ ᠢ ᠣᠩᠭᠣᠴᠠᠨ ᠳᠤ ᠬᠤᠷᠢᠶᠠᠵᠤ ᠠᠪᠤᠯ᠎ᠠ᠃ ᠬᠢᠯᠢ ᠶ᠋ᠢᠨ ᠪᠦᠷᠢᠳᠬᠡᠯ ᠢ ᠬᠦᠷᠲᠡᠯ᠎ᠡ ᠣᠨᠴᠠᠭᠠᠢ ᠳᠢᠭᠯᠢᠮ ᠳ᠋ᠥ ᠵᠣᠬᠢᠴᠠᠭᠤᠯᠤᠭᠰᠠᠨ ᠠᠵᠠᠢ᠃ ᠬᠣᠭᠣᠷᠣᠨᠳᠤ ᠪᠠᠨ ᠶᠠᠷᠢᠵᠤ ᠬᠥᠭᠡᠷᠦᠭᠰᠡᠨ᠂ ᠪᠣᠰᠴᠤ ᠪᠤᠵᠢᠭᠢᠨᠠᠭᠰᠠᠨ ᠶᠠᠭᠤᠮ᠎ᠠ ᠲᠤᠩ ᠪᠠᠭ᠎ᠠ᠃ ᠳᠣᠣᠷ᠎ᠠ ᠨᠢᠭᠡ ᠬᠡᠰᠡᠭ ᠳᠠᠯᠠᠢ᠂ ᠨᠢᠭᠡ ᠬᠡᠰᠡᠭ ᠲᠣᠮᠣ ᠰᠠᠭᠤᠷᠢᠨ᠂ ᠬᠠᠭᠠᠯᠤᠭᠰᠠᠨ ᠭᠠᠵᠠᠷ ᠃ ᠶᠠᠪᠤᠭᠰᠠᠭᠠᠷ ᠮᠣᠩᠭᠣᠯ ᠤᠨ ᠲᠠᠯ᠎ᠠ ᠨᠤᠲᠤᠭ ᠤᠷᠤᠭᠤ ᠣᠷᠣᠵᠤ ᠢᠷᠠᠵᠤ ᠪᠠᠶᠢᠭ᠎ᠠ ᠨᠢ ᠠᠨᠳᠠᠰᠢ ᠦᠭᠡᠢ᠃ ᠦᠶ᠎ᠡ ᠦᠶ᠎ᠡ ᠳᠤᠭᠬᠢᠵᠤ ᠶᠠᠪᠤᠭᠰᠠᠨ ᠪᠣᠯᠣᠭᠠᠳ ᠴᠦ ᠲᠡᠷᠡ ᠦᠦ ᠴᠠᠭ ᠬᠤᠷᠳᠤᠨ ᠥᠩᠭᠡᠷᠡᠵᠡᠢ᠃ ᠲᠠᠪᠤᠨ ᠴᠠᠭ ᠣᠷᠴᠢᠮ ᠨᠢᠰᠦᠭᠡᠳ ᠭᠠᠵᠠᠷᠳᠠᠯ᠎ᠠ᠃ ᠣᠩᠭᠣᠴᠠ ᠶᠠᠪᠠᠭᠠᠯᠠᠭᠰᠠᠭᠠᠷ ᠬᠠᠭᠤᠴᠢᠨ ᠨᠢᠰᠬᠦ ᠪᠠᠭᠤᠳᠠᠯ ᠤᠨ ᠬᠠᠷᠠᠯᠳᠠᠭᠠ ᠢᠷᠠᠵᠤ ᠵᠣᠭᠰᠣᠪᠠ᠃ ᠭᠠᠵᠠᠷ ᠤᠨ ᠦᠢᠯᠡᠴᠢᠯᠡᠭᠡ ᠬᠦᠷᠲᠡᠯ᠎ᠡ ᠥᠭᠡᠷ᠎ᠡ᠃ ᠳᠠᠩᠳᠠ ᠪᠢᠲᠡᠭᠦᠦ ᠴᠠᠭᠠᠨ ᠬᠤᠪᠴᠠᠰᠤ᠂ ᠨᠢᠭᠤᠷ ᠨᠢᠳᠦᠨ ᠣ ᠬᠠᠭᠠᠯᠲᠠ ᠲᠠᠢ ᠬᠥᠮᠥᠰ᠃ ᠪᠠᠭᠴᠠᠭᠠᠯᠠᠬᠤ ᠳ᠋ᠤ ᠬᠠᠭᠠᠰ ᠵᠠᠭᠤ ᠣᠷᠴᠢᠮ ᠬᠥᠮᠥᠨ ᠪᠢᠳᠠᠨ ᠳᠤ ᠦᠢᠯᠡᠴᠢᠯᠡᠬᠦ ᠪᠣᠯᠣᠯᠲᠠᠢ᠃ ᠬᠡᠶᠢᠯᠡᠳᠡᠭ ᠲᠤᠰᠬᠠᠢ ᠮᠠᠶᠢᠬᠠᠨ ᠴᠦ ᠪᠣᠰᠬᠠᠯ᠎ᠠ᠃ ᠠᠷᠢᠭᠤᠳᠬᠠᠬᠤ ᠪᠣᠳᠠᠰ᠂ ᠬᠣᠭᠣᠯᠠᠢ᠂ ᠰᠠᠪᠠ ᠪᠠᠷᠢᠭᠰᠠᠨ ᠬᠥᠮᠥᠰ ᠪᠡᠯᠡᠳᠬᠡᠯ ᠢᠶ᠋ᠡᠨ ᠬᠠᠩᠭᠠᠵᠤ ᠪᠠᠶᠢᠪᠠ᠃ ᠨᠢᠭᠡ ᠨᠢᠭᠡ ᠪᠡᠷ ᠨᠢ ᠨᠡᠷ᠎ᠡ ᠳᠠᠭᠤᠳᠠᠵᠤ ᠭᠠᠷ ᠠᠴᠢᠶ᠎ᠠ ᠲᠠᠢ ᠨᠢ ᠪᠠᠭᠤᠯᠭᠠᠵᠤ ᠪᠠᠶᠢᠭ᠎ᠠ ᠤᠴᠢᠷ ᠶᠠᠭᠠᠷᠠᠬᠤ ᠶᠠᠭᠤᠮ᠎ᠠ ᠠᠯᠠᠭ᠎ᠠ᠃ ᠳ᠋ᠤᠭᠠᠷ ᠢᠶᠠᠨ ᠬᠦᠯᠢᠶᠡᠵᠦ ᠣᠩᠭᠣᠴᠠᠨ ᠳ᠋ᠤ ᠪᠠᠨ ᠬᠣᠶᠠᠷ ᠴᠠᠭ ᠣᠷᠴᠢᠮ ᠰᠠᠭᠤᠯ᠎ᠠ᠃ ᠡᠭᠡᠯᠵᠢ ᠪᠣᠯᠣᠭᠰᠠᠨ ᠤᠴᠢᠷ ᠣᠩᠭᠣᠴᠠᠨ ᠤ ᠱᠠᠲᠤ ᠪᠡᠷ ᠠᠴᠢᠶ᠎ᠠ ᠪᠠᠨ ᠠᠪᠴᠤ ᠪᠠᠭᠤᠪᠠ᠃ ᠠᠴᠢᠶ᠎ᠠ ᠶ᠋ᠢ᠂ ᠪᠡᠶ᠎ᠡ ᠶ᠋ᠢ᠂ ᠭᠠᠷ ᠤᠲᠠᠰᠤ ᠶ᠋ᠢ ᠲᠤᠰ ᠲᠦ ᠨᠢ ᠠᠷᠢᠭᠤᠳᠬᠠᠵᠤ ᠴᠡᠪᠡᠷᠯᠡᠪᠡ᠃ ᠲᠤᠰᠬᠠᠶᠢᠯᠠᠨ ᠪᠡᠯᠡᠳᠦᠭᠰᠡᠨ ᠪᠠᠶᠢᠷᠢ᠂ ᠵᠠᠮ ᠢᠶᠠᠷ ᠶᠠᠪᠤᠵᠤ ᠠᠦ᠋ᠲ᠋ᠣᠪᠦ᠋ᠰ ᠲᠤ ᠣᠷᠣᠯ᠎ᠠ᠃ ᠵᠢᠯᠣᠭᠣᠴᠢ ᠬᠠᠮᠠᠭᠠᠯᠠᠯᠲᠠ ᠶ᠋ᠢᠨ ᠪᠢᠲᠡᠭᠦᠦ ᠬᠤᠪᠴᠠᠰᠤ ᠲᠠᠢ᠃ ᠦᠢᠯᠡᠴᠢᠯᠡᠵᠦ ᠪᠠᠶᠢᠭ᠎ᠠ ᠬᠥᠮᠥᠨ ᠪᠦᠷᠢ ᠮᠡᠨᠳᠦ ᠤᠰᠤ ᠰᠠᠶᠢᠲᠠᠢ ᠂ ᠮᠡᠷᠭᠡᠰᠢᠭᠰᠡᠨ ᠨᠢ ᠬᠠᠷᠠᠭᠳᠠᠵᠤ ᠪᠠᠶᠢᠪᠠ᠃ ᠬᠠᠮᠤᠭ ᠤᠨ ᠲᠦᠷᠦᠭᠦᠨ ᠳ᠋ᠥ ᠴᠠᠭᠠᠨ ᠬᠤᠪᠴᠠᠰᠤᠲᠤ ᠪᠠᠭᠠᠲᠤᠷ ᠤᠳ ᠲᠤ ᠪᠠᠨ ᠪᠠᠶᠠᠷᠯᠠᠵᠤ ᠰᠠᠭᠤᠪᠠ ᠃ ᠠᠦ᠋ᠲ᠋ᠤᠪᠦ᠋ᠰ ᠤᠨ ᠣᠨᠣᠭᠠᠭᠰᠠᠨ ᠰᠠᠭᠤᠳᠠᠯ ᠳᠡᠭᠡᠷ᠎ᠡ ᠡᠴᠡ ᠲᠡᠳᠡᠨ ᠢ ᠪᠤᠰᠤᠳ ᠬᠥᠮᠥᠰ ᠬᠥᠭᠰᠢᠨ ᠵᠠᠯᠠᠭᠤ ᠂ ᠬᠡᠦᠬᠡᠳ ᠨᠢᠯᠬᠠᠰ ᠲᠤ ᠲᠤᠰᠠᠯᠠᠵᠤ ᠦᠢᠯᠡᠴᠢᠯᠡᠵᠦ ᠪᠠᠶᠢᠭ᠎ᠠ ᠶ᠋ᠢ ᠨᠢ ᠬᠠᠷᠠᠬᠤ ᠳᠤ ᠪᠠᠬᠠᠳᠤᠮ᠎ᠠ᠃ ᠡᠮᠦᠨ᠎ᠡ ᠨᠢ ᠪᠢᠳᠠ ᠡᠮᠨᠡᠯᠭᠡ ᠳ᠋ᠥ ᠡᠮᠴᠢ᠂ ᠰᠤᠪᠢᠯᠠᠭᠴᠢ᠂ ᠠᠰᠠᠷᠠᠭᠴᠢ ᠨᠠᠷ ᠢ ᠴᠠᠭᠠᠨ ᠨᠥᠮᠥᠷᠭᠡ ᠲᠠᠢ ᠬᠠᠷᠠᠳᠠᠭ ᠪᠠᠶᠢᠪᠠ᠃ ᠣᠳᠣ ᠪᠣᠯ ᠨᠢᠰᠬᠡᠭᠴᠢ᠂ ᠵᠢᠯᠣᠭᠣᠴᠢ᠂ ᠠᠷᠢᠭᠤᠳᠬᠠᠭᠴᠢ᠂ ᠰᠢᠯᠭᠠᠭᠴᠢ᠂ ᠬᠢᠯᠢᠴᠢᠨ᠂ ᠣᠹᠢᠼᠧᠷ᠂ ᠬᠢᠨᠠᠭᠴᠢ᠂ ᠪᠠᠶᠢᠴᠠᠭᠠᠭᠴᠢ᠂ ᠦᠢᠯᠡᠴᠢᠯᠡᠭᠴᠢ᠂ ᠳᠠᠷᠤᠭ᠎ᠠ᠂ ᠴᠡᠷᠢᠭ ᠂ ᠵᠣᠬᠢᠴᠠᠭᠤᠯᠤᠭᠴᠢ ᠭᠡᠳ ᠪᠦᠭᠦᠳᠡ ᠴᠠᠭᠠᠨ ᠨᠥᠮᠥᠷᠭᠡ ᠲᠠᠢ ᠪᠠᠭᠠᠲᠤᠷ ᠤᠳ ᠃
ᠥᠨᠥᠳᠥᠷ 2020 ᠣᠨ ᠤ ᠳᠦᠷᠪᠡᠳᠦᠭᠡᠷ ᠰᠠᠷ᠎ᠠ ᠶ᠋ᠢᠨ 3 ᠤ ᠡᠳᠦᠷ᠃ ᠶᠡᠷᠦ ᠪᠤᠰᠤ ᠶ᠋ᠢᠨ ᠡᠳᠦᠷ᠃ ᠵᠥᠪᠬᠡᠨ ᠮᠣᠩᠭᠣᠯ ᠤᠨ ᠢᠷᠭᠡᠨ ᠦ ᠠᠭᠠᠷ ᠤᠨ ᠲᠡᠭᠡᠭᠡᠪᠦᠷᠢ ᠶ᠋ᠢᠨ ᠨᠢᠰᠦᠯᠭᠡ᠂ ᠡᠷᠭᠢᠨ ᠲᠣᠭᠣᠷᠢᠨ ᠶᠡᠷᠦ ᠪᠤᠰᠤ ᠪᠠᠶᠢᠭᠰᠠᠨ ᠶᠤᠮ ᠪᠢᠰᠢ᠃ ᠥᠨᠥᠳᠥᠷ ᠠᠶᠤᠯᠲᠤ ᠡᠪᠡᠳᠴᠢᠨ ᠳ᠋ᠥ ᠨᠡᠷᠪᠡᠭᠳᠡᠭᠰᠡᠨ ᠬᠥᠮᠥᠨ ᠣ ᠲᠣᠭ᠎ᠠ ᠳᠡᠯᠡᠬᠡᠢ ᠳ᠋ᠥ ᠨᠢᠭᠡ ᠰᠠᠶ᠎ᠠ ᠶ᠋ᠢᠨ ᠪᠣᠱᠣᠭ᠎ᠠ ᠶ᠋ᠢ ᠠᠯᠬᠤᠪᠠ᠃ ᠬᠠᠯᠳᠠᠪᠤᠷᠢ ᠠᠪᠤᠭᠰᠠᠨ ᠰᠠᠶ᠎ᠠ ᠬᠥᠮᠥᠨ ᠣ 270 ᠮᠢᠩᠭ᠎ᠠ ᠨᠢ ᠡᠳᠡᠭᠡᠷᠡᠵᠦ ᠂ 56 ᠮᠢᠩᠭ᠎ᠠ ᠨᠠᠰᠤ ᠪᠠᠷᠠᠵᠤ ᠂ 40 ᠮᠢᠩᠭ᠎ᠠ ᠦᠬᠦᠬᠦ ᠰᠡᠷᠡᠬᠦ ᠶ᠋ᠢᠨ ᠢᠷᠮᠡᠭ ᠲᠦ᠂760 ᠮᠢᠩᠭ᠎ᠠ ᠨᠢ ᠬᠥᠩᠭᠡᠨ ᠡᠪᠡᠳᠴᠢᠯᠡᠯ ᠲᠠᠢ ᠪᠠᠶᠢᠨ᠎ᠠ᠃ ᠡᠨᠡ ᠬᠠᠯᠳᠠᠪᠤᠷᠢ ᠬᠦᠷᠦᠭᠡ ᠦᠭᠡᠢ ᠤᠯᠤᠰ ᠣᠷᠣᠨ᠂ ᠲᠢᠪ ᠭᠡᠵᠦ ᠦᠯᠡᠳᠡᠭᠰᠡᠨ ᠦᠭᠡᠢ᠃ ᠳᠡᠯᠡᠬᠡᠢ ᠶ᠋ᠢᠨ ᠤᠯᠤᠰ ᠣᠷᠣᠨ ᠨᠣᠭᠣᠳ ᠡᠨᠡ ᠡᠪᠡᠳᠴᠢᠨ ᠲᠠᠢ ᠭᠤᠷᠪᠠᠨ ᠦᠨᠳᠦᠰᠦᠨ ᠶᠠᠩᠵᠤ ᠪᠡᠷ ᠲᠡᠮᠡᠴᠡᠵᠦ ᠪᠠᠶᠢᠨ᠎ᠠ᠃
1.ᠬᠠᠲᠠᠭᠤ᠂ ᠬᠠᠭᠠᠯᠲᠠ ᠲᠠᠢ ᠠᠷᠭ᠎ᠠ ᠪᠡᠷ᠃ ᠡᠭᠦᠨ ᠳ᠋ᠥ ᠮᠣᠩᠭᠣᠯ ᠤᠯᠤᠰ ᠣᠷᠣᠨ᠎ᠠ᠃ ᠢᠷᠭᠡᠳ ᠦᠨ ᠢᠶ᠋ᠡᠨ ᠠᠮᠢ ᠨᠠᠰᠤ᠂ ᠡᠷᠡᠭᠦᠯ ᠮᠡᠨᠳᠦ ᠶ᠋ᠢ ᠲᠡᠷᠢᠭᠦᠨ ᠵᠡᠷᠭᠡ ᠳ᠋ᠥ ᠲᠠᠯᠪᠢᠬᠤ᠃ ᠡᠨᠡ ᠵᠠᠮ ᠣᠳᠣ ᠪᠡᠷ ᠦᠷ᠎ᠡ ᠳ᠋ᠦᠩ ᠲᠠᠢ ᠪᠠᠶᠢᠨ᠎ᠠ ᠃
2.ᠵᠥᠭᠡᠯᠡᠨ᠂ ᠨᠡᠭᠡᠭᠡᠯᠲᠡ ᠲᠠᠢ ᠪᠠᠶᠢᠳᠠᠯ ᠢᠶᠠᠷ᠃ ᠬᠠᠯᠳᠠᠪᠤᠷᠢ ᠶ᠋ᠢᠨ ᠬᠥᠩᠭᠡᠨ ᠬᠡᠯᠪᠡᠷᠢ ᠶ᠋ᠢ ᠲᠡᠪᠴᠢᠵᠦ ᠂ ᠬᠦᠨᠳᠦᠷᠡᠭᠰᠡᠨ ᠢ ᠡᠷᠴᠢᠮᠲᠦ ᠠᠷᠭ᠎ᠠ ᠪᠡᠷ ᠡᠮᠴᠢᠯᠡᠵᠦ ᠪᠠᠶᠢᠨ᠎ᠠ᠃ ᠸᠠᠺᠼᠢᠨ᠂ ᠡᠮ ᠲᠠᠩ ᠭᠠᠷᠤᠭ᠎ᠠ ᠦᠭᠡᠢ ᠦᠶ᠎ᠡ ᠳ᠋ᠥ ᠬᠥᠮᠥᠨ ᠠᠮᠠ ᠶ᠋ᠢᠨ ᠢᠶᠡᠨ ᠶᠡᠬᠡᠩᠬᠢ ᠳ᠋ᠥ ᠳᠠᠷᠬᠠᠯᠠᠭ᠎ᠠ ᠡᠭᠦᠰᠬᠡᠬᠦ ᠃
3.ᠠᠯᠢ ᠴᠦ ᠤᠴᠢᠷ ᠢᠶᠡᠨ ᠣᠯᠬᠤ ᠦᠭᠡᠢ᠂ ᠠᠶᠤᠵᠤ ᠰᠠᠨᠳᠤᠷᠴᠤ ᠪᠠᠶᠢᠭ᠎ᠠ ᠭᠠᠵᠠᠷ ᠴᠦ ᠪᠠᠶᠢᠨ᠎ᠠ ᠃ ᠳᠡᠭᠡᠷᠡᠬᠢ ᠪᠠᠶᠢᠳᠠᠯ ᠢ ᠬᠣᠣᠰᠯᠠᠭᠤᠯᠵᠤ ᠪᠠᠶᠢᠭ᠎ᠠ ᠭᠡᠵᠦ ᠣᠶᠢᠯᠠᠭᠠᠵᠤ ᠬᠠᠷᠠᠵᠤ ᠪᠣᠯᠬᠤ ᠶᠤᠮ᠃ ᠭᠡᠬᠦ ᠳ᠋ᠦ ᠪᠡᠨ ᠳᠡᠯᠡᠬᠡᠢ ᠶ᠋ᠢᠨ ᠪᠦᠬᠦ ᠤᠯᠤᠰ ᠣᠷᠣᠨ᠂ ᠭᠠᠵᠠᠷ᠂ ᠬᠥᠮᠥᠨ ᠠᠮᠠ ᠳᠤ ᠪᠠᠷᠢᠮᠲᠠᠯᠠᠵᠤ ᠪᠣᠯᠬᠤ᠂ ᠪᠠᠶᠢᠭ᠎ᠠ ᠨᠡᠶᠢᠲᠡᠯᠢᠭ ᠴᠢᠭ ᠬᠠᠨᠳᠤᠯᠭ᠎ᠠ ᠴᠦ ᠪᠤᠢ ᠪᠣᠯᠣᠯ᠎ᠠ᠃ ᠠᠯᠢ ᠪᠣᠯᠬᠤ ᠬᠠᠪᠢᠳᠠᠯ ᠢ ᠪᠠᠭ᠎ᠠ ᠪᠠᠶᠢᠯᠭᠠᠬᠤ social distancing ᠭᠡᠳ ᠪᠠᠶᠢᠭ᠎ᠠ ᠶ᠋ᠢ ᠬᠡᠷᠡᠭᠵᠢᠭᠦᠯᠬᠦ ᠃ ᠠᠬᠠᠮᠠᠳ ᠨᠠᠰᠤᠲᠠᠨ᠂ ᠡᠷᠡᠰᠳᠡᠯ ᠲᠠᠢ ᠬᠡᠰᠡᠭ ᠢᠶ᠋ᠡᠨ ᠢᠯᠡᠭᠦᠦ ᠬᠠᠮᠠᠭᠠᠯᠠᠬᠤ ᠠᠩᠬᠠᠷᠬᠤ᠃ ᠬᠤᠪᠢ ᠶ᠋ᠢᠨ ᠠᠷᠢᠭᠤᠨ ᠴᠡᠪᠡᠷ᠂ ᠳᠢᠭᠯᠢᠮ᠂ ᠰᠠᠬᠢᠯᠭ᠎ᠠ ᠤᠬᠠᠮᠰᠠᠷ ᠢ ᠳᠡᠭᠡᠳᠦ ᠵᠡᠷᠭᠡ ᠪᠡᠷ ᠰᠠᠬᠢᠵᠤ ᠡᠷᠬᠢᠮᠯᠡᠬᠦ ᠃ ᠡᠭᠦᠨ ᠲᠠᠢ ᠢᠵᠢᠯᠢ ᠲᠡᠩᠴᠡᠭᠦᠦ ᠶᠠᠪᠤᠭᠤᠯᠵᠤ ᠪᠠᠶᠢᠭ᠎ᠠ ᠠᠵᠢᠯ ᠪᠣᠯ ᠢᠷᠭᠡᠳ᠂ ᠬᠥᠮᠥᠨ ᠠᠮᠠ ᠶ᠋ᠢᠨ ᠢᠶᠡᠨ ᠠᠮᠢᠵᠢᠷᠠᠭ᠎ᠠ᠂ ᠠᠵᠢᠯ᠂ ᠪᠢᠽᠢᠨᠧᠰ ᠢ ᠬᠠᠮᠠᠭᠠᠯᠠᠬᠤ᠃ ᠶᠠᠭ ᠯᠡ ᠳᠠᠶᠢᠨ ᠲᠤᠯᠤᠭᠠᠨ᠂ ᠣᠨᠴᠠᠭᠠᠢ᠂ ᠶᠡᠷᠦ ᠪᠤᠰᠤ ᠶ᠋ᠢᠨ ᠴᠠᠭ ᠦᠶ᠎ᠡ ᠶ᠋ᠢᠨ ᠬᠢ ᠰᠢᠭ ᠪᠦᠬᠦᠨ ᠢᠶ᠋ᠡᠨ ᠳᠠᠶᠢᠴᠢᠯᠠᠬᠤ᠂ ᠬᠡᠮᠨᠡᠬᠦ ᠂ ᠤᠬᠠᠭᠠᠯᠢᠭ ᠠᠯᠳᠠᠭ᠎ᠠ ᠮᠠᠳᠠᠭ ᠦᠭᠡᠢ ᠠᠵᠢᠯᠯᠠᠬᠤ᠃ ᠪᠦᠬᠦᠨ ᠢ ᠬᠥᠮᠥᠨ ᠢᠶ᠋ᠡᠨ ᠢᠷᠭᠡᠳ ᠢᠶ᠋ᠡᠨ ᠲᠣᠭᠣᠷᠢᠭᠤᠯᠵᠤ᠂ ᠣᠨᠴᠠᠭᠠᠢ ᠨᠥᠬᠥᠴᠡᠯ᠂ ᠭᠠᠷᠴᠤ ᠪᠣᠯᠵᠣᠰᠢ ᠦᠭᠡᠢ ᠠᠶᠤᠯ ᠲᠠᠢ ᠤᠶᠠᠵᠤ ᠰᠢᠢᠳᠬᠦ ᠃ ᠠᠰᠢᠭ ᠴᠠᠪᠴᠢᠭᠠ ᠬᠠᠷᠠᠭᠰᠠᠨ ᠦᠢᠯᠡᠳᠦᠯ ᠂ ᠴᠠᠭ ᠢᠶᠡᠨ ᠣᠯᠣᠭ᠎ᠠ ᠦᠭᠡᠢ ᠠᠵᠢᠯ ᠦᠢᠯᠡᠴᠢᠯᠡᠭᠡ ᠶ᠋ᠢ ᠲᠡᠪᠴᠢᠬᠦ ᠂ ᠪᠦᠷ ᠲᠢᠭᠯᠡᠵᠦ ᠵᠣᠭᠰᠣᠭᠠᠬᠤ ᠃ ᠳᠡᠯᠡᠬᠡᠢ ᠶ᠋ᠢᠨ ᠤᠯᠤᠰ ᠣᠷᠣᠨ ᠨᠣᠭᠣᠳ᠂ ᠲᠥᠷᠥ ᠵᠠᠰᠠᠭ᠂ ᠤᠳᠤᠷᠢᠳᠤᠭᠴᠢᠳ ᠬᠦᠷᠲᠡᠯ᠎ᠡ ᠺᠣᠷᠣᠨᠠ ᠶ᠋ᠢᠨ ᠬᠥᠯ ᠢᠶ᠋ᠡᠷ ᠶᠠᠩᠵᠤ ᠶᠠᠩᠵᠤ ᠪᠡᠷ ᠢᠯᠭᠠᠷᠠᠵᠤ ᠬᠠᠷᠠᠭᠳᠠᠵᠤ ᠪᠠᠶᠢᠨ᠎ᠠ᠃ ᠪᠦᠷ ᠠᠯᠢ ᠬᠡᠵᠢᠶᠡᠨ ᠣ ᠡᠶᠢᠮᠦ ᠡᠪᠡᠳᠴᠢᠨ ᠭᠠᠮᠰᠢᠭ ᠲᠠᠢ ᠨᠢᠭᠤᠷ ᠲᠤᠯᠵᠤ᠂ ᠲᠤᠭᠤᠯᠤᠭᠠᠳ ᠳᠠᠪᠠᠭᠠᠳ ᠭᠠᠷᠴᠤ ᠪᠠᠶᠢᠭᠰᠠᠨ ᠶᠤᠮ ᠰᠢᠭ᠋᠂ ᠤᠭ ᠠᠶᠤᠯ ᠡᠴᠠ ᠬᠥᠮᠥᠨ ᠠᠮᠠ᠂ ᠡᠷᠡᠭᠦᠯ ᠮᠡᠨᠳᠦ᠂ ᠡᠳ᠋ ᠤᠨ ᠵᠠᠰᠠᠭ ᠢᠶᠡᠨ ᠶᠠᠭᠠᠬᠢᠵᠤ ᠠᠪᠤᠷᠠᠬᠤ ᠪᠠᠨ ᠮᠡᠳᠡᠳᠡᠭ ᠂ ᠢᠵᠢ ᠪᠦᠷᠢᠨ ᠪᠡᠯᠡᠳᠬᠡᠯ ᠲᠠᠢ ᠃ ᠲᠡᠭᠦᠨ ᠢᠶᠡᠨ ᠬᠡᠷᠡᠭᠵᠢᠭᠦᠯᠦᠭᠡᠳ ᠬᠢᠭᠡᠳ ᠂ ᠶᠠᠪᠤᠴᠠ ᠶ᠋ᠢᠨ ᠳᠤᠮᠳᠠ ᠤᠯᠠᠮ ᠰᠠᠶᠢᠨ ᠪᠣᠯᠭᠠᠭᠠᠳ ᠶᠠᠪᠤᠵᠤ ᠪᠠᠶᠢᠭ᠎ᠠ ᠪᠣᠳᠣᠯᠭ᠎ᠠ ᠲᠣᠳᠣᠷᠬᠠᠶᠢᠯᠠᠭᠴᠢᠳ ᠂ ᠤᠳᠤᠷᠢᠳᠤᠭᠴᠢᠳ ᠲᠠᠢ ᠤᠯᠤᠰ ᠣᠷᠣᠨ ᠨᠣᠭᠣᠳ ᠪᠠᠶᠢᠨ᠎ᠠ᠃
ᠭᠡᠲᠡᠯ᠎ᠡ ᠭᠡᠭᠡᠨ ᠴᠠᠭᠠᠨ ᠡᠳᠦᠷ ᠠᠶᠤᠩᠭ᠎ᠠ ᠴᠠᠬᠢᠯᠭᠠᠨ ᠳ᠋ᠤ ᠴᠣᠬᠢᠭᠤᠯᠤᠭᠰᠠᠨ ᠶᠤᠮ ᠰᠢᠭ᠋ ᠪᠡᠯᠡᠳᠬᠡᠯ ᠦᠭᠡᠢ᠂ ᠠᠶᠤᠯ ᠤᠨ ᠲᠥᠯᠥᠪᠯᠡᠭᠡ᠂ ᠨᠥᠭᠡᠴᠡ ᠦᠭᠡᠢ᠂ ᠲᠡᠶᠢᠮᠦ ᠪᠣᠳᠣᠯᠭ᠎ᠠ ᠦᠭᠡᠢ ᠭᠠᠵᠠᠷ ᠂ ᠭᠠᠷ ᠤᠳ ᠴᠦ ᠪᠠᠶᠢᠨ᠎ᠠ ᠃ ᠺᠤᠷᠤᠨᠠ ᠶᠢ ᠠᠰᠢᠭᠯᠠᠬᠤ ᠬᠤᠪᠢ ᠶ᠋ᠢᠨ ᠪᠠᠰᠢᠷ ᠠᠷᠭ᠎ᠠ ᠂ ᠠᠮᠪᠢᠼ᠂ PR ᠢᠶᠠᠨ ᠠᠵᠢᠯ ᠬᠢᠵᠦ᠂ ᠠᠰᠠᠭᠤᠳᠠᠯ ᠰᠢᠢᠳᠴᠤ ᠪᠠᠶᠢᠨ᠎ᠠ ᠭᠡᠳ ᠪᠣᠳᠣᠳᠠᠭ᠃ ᠡᠷᠭᠢᠭᠡᠳ ᠬᠡᠷᠰᠡᠦ ᠠᠷᠠᠳ ᠢᠶᠠᠷ ᠢᠶᠡᠨ ᠵᠠᠩᠨᠠᠭᠤᠯᠵᠤ᠂ ᠵᠦᠬᠡᠭᠦᠯᠵᠤ ᠂ ᠱᠣᠣᠯᠠᠭᠤᠯᠵᠤ ᠶᠠᠪᠤᠭ᠎ᠠ ᠨᠢ ᠴᠦ ᠮᠡᠳᠡᠭᠡ ᠬᠠᠷᠠᠵᠤ ᠪᠠᠶᠢᠬᠤ ᠳᠤ ᠲᠠᠭᠠᠷᠠᠬᠤ᠃ ᠮᠥᠨ ᠠᠵᠢᠯ ᠢ ᠬᠢᠬᠦ ᠶᠢᠨ ᠳᠠᠭᠠᠤ ᠰᠤᠷᠤᠯᠴᠠᠨ᠎ᠠ ᠭᠡᠳᠡᠭ ᠰᠢᠭ ᠡᠳᠦᠷ ᠢᠷᠡᠬᠦ ᠪᠦᠷᠢ ᠬᠠᠨᠳᠤᠯᠭ᠎ᠠ ᠨᠢ ᠥᠭᠡᠷᠡᠴᠢᠯᠡᠭᠳᠡᠬᠦ ᠨᠥᠬᠥᠳ ᠴᠦ ᠴᠥᠭᠡᠨ ᠦᠭᠡᠢ ᠃ ᠮᠠᠨ ᠤ ᠣᠨᠴᠠᠭᠠᠢ ᠪᠠᠶᠢᠳᠠᠯ ᠤᠨ ᠬᠢᠨ᠂ ᠡᠷᠡᠭᠦᠯ ᠮᠡᠨᠳᠦ ᠶ᠋ᠢᠨ ᠰᠠᠯᠪᠤᠷᠢ ᠶ᠋ᠢᠨ ᠬᠢᠨ᠂ ᠬᠠᠤᠯᠢ ᠳᠦᠷᠢᠮ ᠰᠠᠬᠢᠭᠤᠯᠤᠭᠴᠢᠳ ᠪᠦᠲᠦᠨ ᠤᠯᠠᠷᠢᠯ ᠳᠡᠮᠵᠢᠨ ᠦᠷᠭᠦᠯᠵᠢᠯᠡᠵᠦ ᠪᠠᠶᠢᠭ᠎ᠠ ᠲᠤᠯᠤᠭᠠᠨ ᠤ ᠲᠠᠯᠠᠪᠤᠷ ᠲᠤ ᠮᠠᠭᠲᠠᠭᠠᠯ ᠪᠠᠭᠠᠳᠠᠮᠠ ᠰᠠᠶᠢᠨ ᠠᠵᠢᠯᠯᠠᠵᠤ ᠪᠠᠶᠢᠨ᠎ᠠ᠃
ᠡᠳᠡᠨ ᠳᠦ ᠳᠤᠲᠠᠬᠤ ᠭᠠᠴᠢᠬᠤ ᠶᠠᠭᠤᠮ᠎ᠠ ᠪᠤᠢ ᠪᠠᠶᠢᠬᠤ᠃ ᠭᠡᠬᠦ ᠳ᠋ᠦ ᠪᠡᠨ ᠬᠠᠲᠠᠭᠤ ᠶᠠᠭᠤᠮ᠎ᠠ ᠲᠠᠢ ᠲᠤᠯᠤᠭᠠᠳ᠂ ᠲᠤᠭᠤᠯᠤᠭᠠᠳ ᠶᠠᠪᠤᠳᠠᠭ ᠲᠡᠷᠡ ᠭᠦᠵᠢᠷᠮᠡᠭ ᠪᠠᠶᠢᠳᠠᠯ ᠭᠠᠶᠢᠬᠠᠯᠲᠠᠢ ᠃ ᠠᠵᠢᠯ ᠠᠯᠪᠠ ᠪᠠᠨ ᠮᠡᠷᠭᠡᠵᠢᠯ ᠤᠨ ᠲᠦᠪᠰᠢᠨ ᠳ᠋ᠦ ᠭᠦᠢᠴᠡᠳᠬᠡᠵᠦ ᠪᠠᠶᠢᠭ᠎ᠠ ᠨᠢ ᠳᠡᠯᠡᠬᠡᠢ ᠳ᠋ᠥ ᠢᠵᠢᠯᠢ ᠠᠵᠢᠯ ᠮᠡᠷᠭᠡᠵᠢᠯ ᠦᠨ ᠬᠢᠨ ᠳᠣᠲᠣᠷ᠎ᠠ ᠪᠠᠨ ᠲᠦᠷᠦᠭᠦᠨ ᠳᠦ ᠣᠷᠣᠬᠤ ᠪᠡᠷ᠃ ᠰᠢᠲᠦᠮᠡᠷ ᠬᠥᠮᠥᠰ ᠢ ᠰᠢᠲᠦᠮᠡᠷ ᠭᠡᠵᠦ ᠬᠡᠯᠡᠬᠦ ᠡᠴᠡ ᠥᠭᠡᠷ᠎ᠡ ᠶᠠᠭᠤ ᠭᠡᠬᠦ ᠪᠤᠢ ᠃ ᠺᠣᠷᠣᠨᠠ ᠳᠡᠯᠡᠬᠡᠢ ᠶ᠋ᠢ ᠣᠯᠠᠨ ᠵᠦᠢᠯ ᠢᠶ᠋ᠡᠷ ᠥᠭᠡᠷᠡᠴᠢᠯᠡᠵᠦ ᠪᠠᠰᠠ ᠰᠣᠷᠲᠣᠭᠣ ᠲᠠᠢ᠂ ᠤᠬᠠᠭᠠᠨ ᠲᠠᠢ ᠳ᠋ᠤ ᠨᠢ ᠴᠠᠭᠠᠰᠢ ᠶᠠᠭᠠᠬᠢᠵᠤ ᠠᠮᠢᠳᠤᠷᠠᠵᠤ ᠠᠵᠢᠯᠯᠠᠬᠤ᠂ ᠢᠷᠠᠵᠤ ᠶᠠᠪᠤᠭ᠎ᠠ ᠴᠠᠭ ᠲᠤ ᠶᠠᠭᠤ ᠬᠦᠯᠢᠶᠡᠵᠦ ᠪᠣᠯᠬᠤ ᠶ᠋ᠢ ᠰᠠᠨᠠᠭᠤᠯᠵᠤ ᠪᠠᠶᠢᠨ᠎ᠠ᠃ ᠬᠥᠮᠥᠨ ᠲᠥᠷᠥᠯᠬᠢᠲᠡᠨ ᠺᠤᠷᠤᠨᠠ ᠠᠴᠠ ᠡᠮᠦᠨ᠎ᠡ ᠪᠠ ᠬᠣᠶᠢᠨᠠ ᠭᠡᠳᠡᠭ ᠬᠣᠶᠠᠷ ᠴᠠᠭ ᠲᠣᠭᠠᠯᠠᠯ ᠲᠠᠢ ᠪᠠᠶᠢᠬᠤ ᠨᠢ ᠣᠶᠢᠯᠠᠭᠠᠮᠵᠢᠲᠠᠢ ᠪᠣᠯᠣᠯ᠎ᠠ᠃ ᠨᠢᠭᠡᠨᠲᠡ ᠨᠢᠭᠤᠷᠯᠠᠭᠰᠠᠨ᠂ ᠨᠢᠭᠤᠷᠯᠠᠵᠤ ᠪᠣᠯᠬᠤ ᠠᠶᠤᠯ ᠢ ᠠᠮᠵᠢᠯᠲᠠᠲᠠᠢ ᠳᠠᠪᠠᠵᠤ ᠡᠭᠦᠨ ᠡᠴᠡ ᠠᠪᠤᠭᠰᠠᠨ ᠰᠤᠷᠭᠠᠮᠵᠢ ᠮᠡᠳᠡᠯᠭᠡ ᠪᠡᠨ ᠴᠠᠭᠠᠰᠢ ᠴᠢᠯᠠᠭᠤ ᠪᠣᠯᠭᠠᠵᠤ ᠠᠰᠢᠭᠯᠠᠬᠤ ᠨᠢ ᠴᠢᠬᠤᠯᠠ᠃ ᠡᠨᠳᠡ ᠮᠣᠩᠭᠣᠯ ᠤᠯᠤᠰ ᠤᠨ ᠬᠤᠪᠢ ᠳᠤ ᠪᠤᠰᠤᠳ ᠲᠠᠢ ᠬᠠᠷᠢᠴᠠᠭᠤᠯᠤᠰᠢ ᠦᠭᠡᠢ ᠨᠢᠭᠡ ᠳᠠᠪᠠᠭᠤ ᠲᠠᠯ᠎ᠠ᠂ ᠰᠦᠫᠸᠷ ᠪᠣᠯᠣᠮᠵᠢ᠂ ᠠᠷᠭ᠎ᠠ ᠪᠠᠶᠢᠭ᠎ᠠ ᠶ᠋ᠢ ᠳᠠᠷᠠᠭᠠᠴᠢ ᠶ᠋ᠢᠨ ᠤᠳᠠᠭ᠎ᠠ ᠳ᠋ᠤ ᠬᠤᠪᠢᠶᠠᠯᠴᠠᠶ᠎ᠠ᠃
ᠠᠦ᠋ᠲ᠋ᠣᠪᠦ᠋ᠰ ᠲᠤ ᠰᠠᠭᠤᠬᠤ ᠬᠥᠮᠥᠨ ᠪᠦᠷᠢᠳᠬᠡᠯ ᠢᠶ᠋ᠡᠷ ᠪᠦᠷᠢᠳᠴᠦ ᠪᠢᠳᠠ ᠬᠥᠳᠡᠯᠬᠦ ᠪᠣᠯᠪᠠ᠃ ᠣᠩᠭᠣᠴᠠᠨ ᠤ ᠪᠠᠭᠤᠳᠠᠯ ᠳᠣᠲᠣᠷ᠎ᠠ ᠬᠥᠲᠥᠯᠥᠭᠴᠢ ᠨᠢᠭᠡ ᠮᠠᠰᠢᠨ ᠦᠯᠡᠳᠡᠵᠦ᠂ ᠬᠠᠰᠢᠶ᠎ᠠ ᠭᠠᠷᠤᠭᠠᠳ ᠴᠠᠭᠳᠠᠭ᠎ᠠ ᠶ᠋ᠢᠨ ᠬᠠᠮᠠᠭᠠᠯᠠᠯᠲᠠ ᠲᠠᠢ ᠵᠠᠮ ᠳᠤ ᠨᠡᠶᠢᠯᠡᠪᠡ᠃ ᠡᠮᠦᠨ᠎ᠡ ᠨᠢ ᠢᠩᠭᠢᠵᠦ ᠶᠠᠪᠤᠳᠠᠭ ᠪᠠᠶᠢᠭᠰᠠᠨ ᠳᠤᠷᠠᠰᠤᠮᠵᠢ ᠰᠡᠷᠡᠬᠦ ᠴᠦ ᠰᠢᠭ ᠃ ︽ ᠴᠠᠭᠳᠠᠭ᠎ᠠ ᠪᠠᠷ ᠬᠠᠮᠠᠭᠠᠯᠠᠭᠤᠯᠤᠭᠠᠳ ᠶᠠᠪᠤᠬᠤ ᠴᠦ ᠬᠤᠷᠳᠤᠨ ᠶᠤᠮ᠃ ᠲᠦᠭᠵᠢᠷᠡᠵᠦ ᠵᠣᠭᠰᠣᠬᠤ ᠦᠭᠡᠢ ︾ ᠭᠡᠵᠦ ᠠᠦ᠋ᠲ᠋ᠤᠪᠦ᠋ᠰ ᠤᠨ ᠵᠢᠯᠣᠭᠣᠴᠢ ᠬᠣᠱᠣᠩᠨᠠᠬᠤ ᠨᠢ ᠰᠣᠨᠣᠷ ᠮᠢᠯᠢᠶᠠᠨ᠎ᠠ᠃ ᠬᠠᠯᠴᠠᠷᠠᠲᠠᠯᠠ ᠪᠠᠨ ᠦᠢᠯᠡᠴᠢᠯᠡᠭᠡᠨ ᠳ᠋ᠥ ᠵᠢᠳᠬᠦᠵᠦ ᠪᠠᠶᠢᠭ᠎ᠠ ᠠᠲ᠋ᠤᠤᠰ ︵ᠠᠦ᠋ᠲ᠋ᠣᠪᠦ᠋ᠰ︶ ᠪᠣᠯᠣᠯᠲᠠᠢ᠃ ᠡᠪᠦᠯ ᠵᠤᠨ ᠦᠭᠡᠢ ᠲᠦᠭᠵᠢᠷᠡᠭᠡ᠂ ᠰᠢᠪᠬᠠᠢ᠂ ᠬᠠᠯᠲᠤᠷᠢᠭ᠎ᠠ ᠢᠯᠭᠠᠯ ᠦᠭᠡᠢ ᠵᠢᠳᠬᠦᠵᠦ ᠪᠠᠶᠢᠳᠠᠭ ᠬᠣᠶᠠᠷ ᠪᠣᠯᠬᠤ ᠨᠢ ᠠᠨᠳᠠᠰᠢ ᠦᠭᠡᠢ ᠃ ᠣᠳᠣ ᠪᠣᠳᠣᠬᠤ ᠳᠤ ᠠᠦ᠋ᠲ᠋ᠣᠪᠦ᠋ᠰ ᠲᠤ ᠰᠠᠭᠤᠯ ᠦᠭᠡᠢ ᠤᠳᠠᠭᠰᠠᠨ ᠶᠤᠮ ᠰᠢᠭ᠋ ᠃ ᠠᠦ᠋ᠲ᠋ᠣᠪᠦ᠋ᠰ ᠲᠤ ᠰᠠᠭᠤᠭᠠᠳ ᠶᠠᠪᠤᠬᠤ ᠰᠠᠶᠢᠬᠠᠨ ᠪᠠᠶᠢᠯ᠎ᠠ ᠃ ᠵᠢᠯᠣᠭᠣᠴᠢ ᠨᠢ ᠮᠠᠰᠢ ᠰᠤᠷᠮᠠᠭ᠃ ᠤᠷᠢᠳᠤᠬᠢ ᠮᠠᠰᠢᠨ ᠢᠶᠡᠨ ᠮᠦᠷᠭᠦᠴᠢᠬᠡᠬᠦ ᠪᠤᠢ ᠭᠡᠮᠡᠷ ᠣᠶᠢᠷᠠᠳᠬᠤ ᠶᠤᠮ ᠃ ᠤᠷᠳᠤᠭᠤᠷ ᠳᠠᠷᠤᠵᠤ ᠣᠷᠣᠵᠤ ᠢᠷᠡᠭᠰᠡᠨ ᠮᠠᠰᠢᠨ ᠢ ᠲᠣᠭᠣᠷᠢᠭᠠᠳ ᠭᠠᠷᠬᠤ ᠨᠢ ᠪᠦᠷ ᠡᠯᠳᠡᠪ ᠲᠠᠢ ᠃ ᠥ᠂ ᠵᠠᠮ ᠤᠨ ᠬᠠᠵᠠᠭᠤ ᠳ᠋ᠤ ᠬᠠᠳᠠᠭ ᠰᠦ᠂ ᠴᠡᠴᠡᠭ᠂ ᠲᠤᠭ ᠪᠣᠯᠣᠭᠰᠠᠨ ᠬᠥᠮᠥᠰ ᠭᠡᠬᠦ ᠴᠢᠮᠡᠭᠡᠨ ᠢᠶ᠋ᠡᠷ ᠬᠠᠷᠠᠪᠠᠯ ᠲᠠᠨᠢᠳᠠᠭ ᠭᠣᠣᠯᠳᠠᠭᠤ ᠬᠥᠮᠥᠰ᠃
ᠣᠷᠣᠢ ᠰᠤ ︵ᠰᠤᠰᠤᠷᠪᠠᠷᠠᠮ︶ ᠮᠡᠨᠳᠦ ᠮᠡᠳᠡᠵᠦ ᠶᠠᠷᠢᠬᠤ ᠳ᠋ᠤ ᠪᠠᠨ᠄ ᠪᠦ᠋ᠷᠢ ᠣᠯᠠᠨ ᠬᠥᠮᠥᠨ ᠪᠠᠶᠢᠭᠰᠠᠨ᠃ ᠵᠠᠷᠢᠮ ᠨᠢ ᠬᠦᠯᠢᠶᠡᠵᠦ ᠶᠠᠳᠠᠵᠤ᠂ ᠵᠠᠷᠢᠮ ᠨᠢ ᠴᠠᠭᠳᠠᠭ᠎ᠠ ᠳᠤ ᠬᠥᠭᠡᠭᠡᠭᠳᠡᠭᠡᠳ ᠶᠠᠪᠤᠭᠰᠠᠨ ᠃ ᠮᠠᠨ ᠤ ᠠᠷᠠᠳᠴᠢᠯᠠᠭᠰᠠᠨ ᠬᠣᠯᠪᠣᠭᠠᠨ ᠤ ᠬᠢᠨ ᠪᠠᠷᠤᠭ ᠨᠢ ᠪᠠᠶᠢᠭᠰᠠᠨ ᠰᠢᠦ᠃ ᠪᠠᠷᠤᠭ ᠵᠠᠭᠤᠭᠠᠳ ᠬᠥᠮᠥᠨ ᠭᠡᠵᠦ ᠲᠣᠳᠣᠷᠠᠭᠤᠯᠪᠠ᠃ ᠪᠢ ᠴᠦ ᠬᠠᠷᠠᠭᠰᠠᠨ᠃ ᠡᠷᠳᠡᠨᠢᠲᠦ ᠡᠴᠡ ᠪᠠᠲᠤᠯᠦᠩᠳᠦᠨ ᠵᠣᠷᠢᠵᠤ ᠢᠷᠡᠭᠰᠡᠨ ᠢᠶ᠋ᠡᠨ ᠪᠢᠴᠢᠭᠰᠡᠨ ᠪᠠᠶᠢᠪᠠ ᠃ ᠪᠠᠷᠢᠭᠰᠠᠨ ᠴᠡᠩᠬᠡᠷ ᠬᠠᠳᠠᠭ᠂ ᠤᠷᠲᠤ ᠴᠠᠭᠠᠨ ᠰᠠᠬᠠᠯ ᠨᠢ ᠳᠡᠷᠪᠡᠭᠡᠳ ᠠᠶᠠᠭ᠎ᠠ ᠲᠠᠢ ᠰᠦ ᠪᠡᠷ ᠳᠠᠯᠠᠯᠵᠤ ᠬᠠᠷᠠᠭᠳᠠᠭᠰᠠᠨ ᠃
ᠸᠢᠳᠢᠣ᠋ ᠶ᠋ᠢ ᠨᠢ ᠤᠳᠠᠭᠠᠰᠢᠷᠠᠭᠤᠯᠤᠭᠠᠳ ᠬᠠᠷᠠᠬᠤ ᠳᠤ ᠲᠦᠪᠰᠢᠨ᠂ ᠲᠠᠪᠠᠬᠠᠢ᠂ ᠬᠢᠺᠢ ᠂ ᠰᠤᠶᠤᠩᠪᠤ ᠂ ᠭᠠᠩ ᠣᠳᠣ ᠂ ᠪᠠᠲᠤᠳᠣᠷᠵᠢ ᠂ ᠡᠩᠬᠡᠪᠠᠶᠠᠷ ᠂ ᠡᠩᠬᠡᠲᠤᠶᠠᠭ᠎ᠠ ᠂ ᠵᠤᠩᠳᠤᠢ ᠂ ᠣᠷᠭᠢᠯ ᠂ ᠮᠥᠩᠬᠡᠪᠠᠭᠠᠲᠤᠷ ᠂ ᠪᠠᠲᠤᠰᠠᠶᠢᠬᠠᠨ ᠂ ᠠᠯᠲᠠᠨᠰᠦ᠋ᠬᠡ ᠂ ᠯᠾᠬᠠᠪᠠ ᠂ ᠬᠠᠳᠠ ᠭᠡᠳ ᠲᠠᠨᠢᠯ ᠤᠳ ᠃ ᠥᠷᠯᠥᠭᠡ ᠬᠡᠰᠢᠭᠪᠠᠲᠤ ᠨᠠᠳᠠ ᠤᠷᠤᠭᠤ ᠵᠠᠯᠭᠠᠵᠤ ᠵᠠᠷᠢᠮ ᠬᠥᠮᠥᠨ ᠳᠡᠭᠡᠷᠡᠬᠢ ᠶ᠋ᠢ ᠮᠤᠰᠬᠢᠵᠤ ᠪᠠᠶᠢᠭ᠎ᠠ ᠳᠤ ᠪᠤᠬᠢᠨᠢᠳᠤᠵᠤ ᠶᠠᠷᠢᠪᠠ ᠃ ᠬᠡᠨ ᠢ ᠬᠡᠨ ᠲᠤᠰᠤᠭᠰᠠᠨ ᠳᠤ ᠪᠠᠨ ᠭᠣᠣᠯ ᠪᠢᠰᠢ᠃ ᠬᠣᠯᠠ ᠡᠴᠠ ᠢᠷᠡᠬᠦ ᠨᠢᠭᠡᠨ ᠢᠶ᠋ᠡᠨ ᠬᠥᠭᠡᠭᠡᠭᠳᠡᠨ ᠲᠤᠭᠤᠭᠳᠠᠨ ᠂ ᠬᠠᠪᠤᠷ ᠤᠨ ᠬᠠᠪᠰᠠᠷᠭᠠᠨ ᠳ᠋ᠤ ᠬᠦᠯᠢᠶᠡᠵᠦ ᠵᠣᠭᠰᠣᠵᠤ ᠪᠠᠶᠢᠳᠠᠭ ᠨᠢ ᠰᠠᠶᠢᠬᠠᠨ ᠶᠤᠮ ᠳ᠋ᠠ᠃
ᠬᠥᠮᠥᠨ ᠢ ᠬᠦᠴᠦ ᠪᠡᠷ ᠢᠨᠢᠶᠡᠯᠭᠡᠵᠦ ᠪᠣᠯᠬᠤ ᠦᠭᠡᠢ ᠭᠡᠳᠡᠭ ᠰᠢᠭ ᠲᠡᠷᠡ ᠲᠣᠰᠣᠭᠰᠠᠨ ᠬᠥᠮᠥᠰ ᠨᠢᠭᠡ ᠳᠠᠷᠤᠭ᠎ᠠ ᠶ᠋ᠢᠨ ᠬᠡᠯᠡᠭᠰᠡᠨ ᠢᠶ᠋ᠡᠷ ᠬᠥᠳᠡᠯᠳᠡᠭ ᠴᠦ ᠤᠯᠤᠰ ᠪᠢᠰᠢ᠃ ᠰᠡᠳᠬᠢᠯ ᠤᠨ ᠰᠠᠶᠢᠬᠠᠨ ᠂ ᠨᠥᠬᠥᠷᠯᠡᠯ ᠤᠨ ᠦᠨ᠎ᠡ ᠴᠡᠨ᠎ᠡ ᠶ᠋ᠢ ᠮᠡᠳᠡᠳᠡᠭ ᠬᠥᠮᠥᠰ᠃ ᠱᠣᠭ ᠵᠢᠷᠤᠭᠠᠴᠢ ᠱ᠊·ᠴᠣᠭᠲᠤᠪᠠᠶᠠᠷ ᠄ ᠰᠤ ᠮᠠᠨᠢ ᠲᠣᠷᠣᠶᠢᠭᠠᠳ ᠯᠡ ᠵᠣᠭᠰᠣᠵᠤ ᠪᠠᠶᠢᠨ᠎ᠠ ᠃ ᠶᠠᠮᠠᠷ ᠴᠦ ᠬᠦᠨᠳᠦ ᠪᠡᠷᠬᠡ ᠴᠠᠭ ᠲᠤ ᠨᠥᠬᠥᠳ ᠢᠶ᠋ᠡᠨ ᠣᠷᠬᠢᠳᠠᠭ ᠦᠭᠡᠢ ᠭᠠᠶᠢᠬᠠᠯᠲᠠᠢ ᠮᠥᠨ ᠴᠢᠨᠠᠷᠲᠠᠢ ᠬᠥᠮᠥᠨ ᠰᠢᠦ ᠃ ᠪᠠᠷᠠᠸᠤ᠋᠂ Welcome ᠭᠡᠵᠦ ᠬᠠᠷᠢᠭᠤ ᠪᠢᠴᠢᠭᠰᠡᠨ ᠪᠠᠶᠢᠨ᠎ᠠ ᠪᠢᠯᠡ᠃ ᠲᠠᠨᠢᠬᠤ ᠦᠭᠡᠢ ᠬᠥᠮᠥᠨ ᠴᠦ ᠴᠥᠭᠡᠨ ᠦᠭᠡᠢ ᠪᠠᠶᠢᠪᠠ ᠃ ᠭᠠᠷ ᠢᠶᠡᠨ ᠳᠠᠯᠠᠯᠵᠤ᠂ ᠴᠡᠴᠡᠭ ᠢᠶ᠋ᠡᠨ ᠪᠠᠷᠢᠵᠤ᠂ ᠲᠤᠭ ᠢᠶᠡᠨ ᠬᠡᠶᠢᠰᠬᠡᠵᠦ ᠲᠡᠨᠳᠡ ᠵᠣᠭᠰᠣᠭᠰᠠᠨ ᠂ ᠲᠣᠰᠣᠭᠰᠠᠨ ᠬᠥᠮᠥᠨ ᠨᠢᠭᠡ ᠪᠦᠷᠢ ᠳ᠋ᠥ ᠨᠠᠳᠠ ᠲᠠᠢ ᠴᠤᠭ ᠲᠤᠰᠬᠠᠢ ᠨᠢᠰᠦᠯᠭᠡ ᠪᠡᠷ ᠢᠷᠡᠭᠰᠡᠨ ᠪᠦᠬᠦ ᠬᠥᠮᠥᠨ ᠣ ᠡᠮᠦᠨ᠎ᠡ ᠡᠴᠡ ᠪᠠᠶᠠᠷᠯᠠᠭᠰᠠᠨ ᠢᠶᠡᠨ ᠳᠠᠬᠢᠨ ᠢᠯᠡᠷᠬᠡᠶᠢᠯᠡᠶ᠎ᠡ᠃ ᠮᠣᠩᠭᠣᠯ ᠬᠥᠮᠥᠨ ᠪᠣᠯ ᠰᠠᠶᠢᠨ ᠢ ᠰᠠᠶᠢᠨ ᠂ ᠮᠠᠭᠤ ᠶ᠋ᠢ ᠮᠠᠭᠤ ᠭᠡᠵᠦ ᠬᠡᠯᠡᠵᠦ ᠴᠢᠳᠠᠳᠠᠭ ᠃ ᠰᠡᠳᠬᠢᠯ ᠨᠢ ᠭᠡᠷᠡᠯᠲᠦᠬᠦ ᠳ᠋ᠦ ᠪᠡᠨ ᠣᠶᠢᠷᠠᠬᠠᠨ ᠭᠠᠶᠢᠬᠠᠯᠲᠠᠢ ᠴᠢᠨᠠᠷᠲᠠᠢ ᠯᠡ ᠳ᠋ᠠ ᠃
ᠣᠷᠣᠢ 20 ᠴᠠᠭ ᠥᠩᠭᠡᠷᠡᠵᠦ ᠪᠠᠶᠢᠬᠤ ᠳᠤ ᠥᠷᠥᠭᠡᠨ ᠳ᠋ᠦ ᠪᠡᠨ ᠣᠷᠣᠬᠤ ᠫᠷᠦᠼᠸᠰᠰ ᠥᠨᠳᠥᠷᠯᠡᠵᠦ᠂ 21 ᠬᠣᠨᠣᠭ ᠺᠠᠷᠠᠨ᠋ᠲ᠋ᠢᠨ ᠳᠤ ᠪᠠᠶᠢᠬᠤ ᠭᠠᠵᠠᠷ ᠲᠠᠢ ᠪᠣᠯᠪᠠ ᠃ ᠪᠠᠰᠠ ᠯᠡ ᠬᠠᠮᠠᠭᠠᠯᠠᠯᠲᠠ ᠶ᠋ᠢᠨ ᠬᠤᠪᠴᠠᠰᠤ ᠲᠠᠢ ᠴᠥᠭᠡᠨ ᠦᠭᠡᠢ ᠬᠥᠮᠥᠨ ᠲᠣᠰᠴᠤ ᠦᠢᠯᠡᠴᠢᠯᠡᠪᠡ ᠃ ᠣᠯᠠᠨ ᠬᠥᠮᠥᠨ ᠳ᠋ᠥ ᠲᠦᠪᠡᠭ ᠤᠳᠠᠵᠤ ᠪᠠᠶᠢᠭ᠎ᠠ ᠶᠤᠮ ᠰᠢᠭ᠋ ᠰᠠᠨᠠᠭᠳᠠᠵᠤ ᠶᠠᠰᠤ ᠬᠠᠪᠲᠠᠶᠢᠵᠤ ᠶᠠᠪᠤᠪᠠ ᠃ ᠪᠦᠷ ᠰᠡᠭᠦᠯ ᠳ᠋ᠦ ᠪᠡᠨ ᠥᠪᠡᠷ ᠢ ᠪᠡᠨ ᠠᠩᠵᠠᠭᠠᠷᠠᠭᠰᠠᠨ ᠴᠢᠨᠢ ᠢᠨᠢᠶᠡᠳᠦ ᠴᠦ ᠬᠦᠷᠬᠦ ᠰᠢᠭ ᠃ ᠭᠠᠷ ᠪᠠᠷᠢᠵᠤ ᠂ ᠶᠠᠷᠢᠵᠤ ᠰᠠᠭᠠᠲᠠᠵᠤ ᠪᠣᠯᠬᠤ ᠦᠭᠡᠢ᠂ ᠲᠡᠪᠡᠷᠢᠵᠦ ᠨᠠᠭᠠᠯᠳᠤᠵᠤ ᠂ ᠹᠸᠪᠷᠢᠲ ᠡᠨᠡ ᠲᠡᠷᠡ ᠭᠡᠵᠦ ᠳᠠᠯᠤ ᠮᠥᠷᠥ ᠶ᠋ᠢ ᠨᠢ ᠴᠣᠬᠢᠵᠤ ᠪᠣᠯᠬᠤ ᠦᠭᠡᠢ ᠃ ᠡᠶᠢᠮᠦ ᠡᠴᠡ ︽ᠪᠠᠶᠠᠷᠯᠠᠯ᠎ᠠ︾ ᠂ ︽ᠶᠡᠬᠡ ᠪᠠᠶᠠᠷᠯᠠᠯ᠎ᠠ︾ ᠭᠡᠵᠦ ᠵᠠᠷᠢᠮ ᠦᠶ᠎ᠡ ᠳ᠋ᠥ ᠶᠠᠫᠤᠨ ᠮᠠᠶ᠋ᠢᠭ ᠭᠠᠷᠭᠠᠵᠤ ᠠᠯᠠᠭ᠎ᠠ ᠬᠠᠪᠰᠤᠷᠴᠤ ᠨᠠᠬᠢᠯᠵᠠᠭᠰᠠᠨ ᠴᠦ ᠪᠠᠶᠢᠬᠤ ᠰᠢᠭ᠋᠃ ᠬᠥᠮᠥᠨ ᠬᠣᠭᠣᠷᠣᠨᠳᠤ ᠶ᠋ᠢᠨ ᠬᠠᠷᠢᠴᠠᠭ᠎ᠠ ᠨᠢᠭᠡᠨ ᠲᠠᠢ ᠪᠠᠨ ᠶᠠᠭᠠᠬᠢᠵᠤ ᠠᠭᠤᠯᠵᠠᠬᠤ ᠮᠡᠨᠳᠦᠯᠡᠬᠦ ᠂ ᠤᠭᠲᠤᠬᠤ ᠬᠠᠨᠳᠤᠬᠤ ᠡᠴᠠ ᠡᠬᠢᠯᠡᠳᠡᠭ ᠶᠤᠮ ᠰᠢᠭ᠃ ᠬᠥᠮᠥᠨ ᠳ᠋ᠥ ᠬᠥᠮᠥᠨ ᠶᠣᠰᠣ ᠪᠡᠷ ᠬᠠᠨᠳᠤᠬᠤ ᠪᠠᠷ ᠯᠡ ᠬᠥᠮᠥᠨ ᠲᠡᠭᠡᠵᠦ ᠬᠠᠷᠢᠭᠤ ᠪᠠᠷᠢᠳᠠᠭ ᠪᠣᠯᠣᠯᠲᠠᠢ᠃ ᠤᠯᠠᠮ ᠡᠪᠲᠡᠶᠢᠬᠡᠨ ᠬᠠᠷᠢᠭᠤ ᠪᠠᠷᠢᠴᠢᠬᠠᠬᠤ ᠭᠡᠳ ᠯᠡ ᠦᠢᠯᠡᠴᠢᠯᠡᠵᠦ ᠪᠤᠢ ᠵᠠᠷᠢᠮ ᠬᠥᠮᠥᠨ ᠡᠴᠡ ᠪᠠᠶᠠᠷᠯᠠᠭᠰᠠᠨ ᠳ᠋ᠤ ᠪᠠᠨ ᠪᠣᠯᠣᠭᠠᠳ ᠨᠡᠷ᠎ᠡ ᠶ᠋ᠢ ᠨᠢ ᠠᠰᠠᠭᠤᠴᠢᠬᠠᠬᠤ ᠳᠥᠬᠥᠭᠡᠳ ᠯᠡ ᠪᠠᠶᠢᠯ᠎ᠠ᠃ ᠲᠤᠰᠠᠲᠠᠢ ᠬᠥᠮᠥᠨ ᠳ᠋ᠥ ᠡᠷᠭᠢᠵᠦ ᠲᠤᠰᠠᠲᠠᠢ ᠶᠠᠪᠤᠮᠠᠷ ᠰᠠᠨᠠᠭᠳᠠᠳᠠᠭ ᠬᠥᠮᠥᠨ ᠶᠣᠰᠣᠨ ᠤ ᠯᠡ ᠬᠠᠷᠢᠴᠠᠭ᠎ᠠ ᠶᠤᠮ ᠳ᠋ᠠ ᠃
ᠶᠠᠪᠤᠵᠤ ᠶᠠᠪᠤᠵᠤ ᠬᠥᠮᠥᠨ ᠣ ᠰᠠᠶᠢᠬᠠᠨ ᠬᠠᠷᠢᠴᠠᠭ᠎ᠠ᠂ ᠬᠥᠮᠥᠯᠢᠭ ᠵᠠᠩ ᠴᠢᠨᠠᠷ᠂ ᠬᠠᠯᠠᠭᠤᠨ ᠳᠤᠯᠠᠭᠠᠨ ᠰᠡᠳᠬᠢᠯ ᠯᠡ ᠡᠨᠡ ᠮᠠᠭᠤᠬᠠᠢ ᠡᠪᠡᠳᠴᠢᠨ ᠸᠢᠷᠦ᠋ᠰ ᠢ ᠨᠠᠮ ᠴᠣᠬᠢᠵᠤ ᠤᠨᠠᠭᠠᠬᠤ ᠶᠤᠮ ᠪᠠᠶᠢᠨ᠎ᠠ ᠭᠡᠵᠦ ᠪᠣᠳᠣᠯ᠎ᠠ᠃ ᠳᠡᠭᠡᠷ᠎ᠡ ᠨᠢ ᠰᠠᠶᠢᠨ ᠵᠣᠬᠢᠶᠠᠨ ᠪᠠᠶᠢᠭᠤᠯᠤᠯᠲᠠ᠂ ᠮᠡᠷᠭᠡᠵᠢᠯ ᠤᠨ ᠠᠵᠢᠯᠯᠠᠭ᠎ᠠ᠂ ᠤᠬᠠᠭᠠᠯᠢᠭ ᠤᠳᠤᠷᠢᠳᠤᠯᠭ᠎ᠠ᠃ ᠮᠥᠨ ᠭᠠᠷ ᠨᠡᠶᠢᠯᠡᠭᠰᠡᠨ ᠬᠠᠮᠲᠤᠴᠢ ᠪᠠᠶᠢᠳᠠᠯ ᠂ ᠬᠥᠮᠥᠨ ᠨᠢᠭᠡ ᠪᠦᠷᠢ ᠶ᠋ᠢᠨ ᠪᠡᠶ᠎ᠡ ᠪᠡᠨ ᠠᠪᠴᠤ ᠶᠠᠪᠤᠬᠤ ᠴᠢᠳᠠᠪᠤᠷᠢ ᠤᠬᠠᠮᠰᠠᠷ ᠂ ᠲᠡᠭᠦᠨ ᠡᠴᠡ ᠡᠭᠦᠳᠦᠭᠰᠡᠨ ᠡᠷᠡᠭᠦᠯ ᠵᠥᠪ ᠦᠢᠯᠡᠳᠦᠯ᠃ ᠡᠨᠡ ᠪᠦᠬᠦᠨ ᠢᠷᠡᠭᠡᠳᠦᠢ ᠳ᠋ᠥ ᠤᠴᠠᠷᠠᠬᠤ ᠠᠶᠤᠯ ᠢ ᠳᠠᠪᠠᠵᠤ ᠭᠠᠷᠬᠤ ᠲᠦᠯᠬᠢᠭᠦᠷ ᠶᠤᠮ ᠃
ᠬᠥᠮᠥᠨ ᠳ᠋ᠥ ᠬᠡᠷᠡᠭᠲᠡᠢ ᠪᠦᠬᠦᠨ ᠪᠦᠷᠢᠳᠦᠭᠰᠡᠨ ᠵᠢᠵᠢᠭ ᠥᠷᠥᠭᠡᠨ ᠳ᠋ᠦ ᠪᠡᠨ ᠣᠷᠣᠵᠤ ᠢᠷᠠᠯ᠎ᠠ᠃ ᠪᠢᠽᠢᠨᠧᠰ ᠭᠡᠵᠦ ᠶᠠᠷᠢᠳᠠᠭ᠂ ᠬᠣᠨᠣᠭ ᠲᠣᠭᠣᠷᠢᠭᠤᠯᠤᠭᠠᠳ ᠠᠵᠢᠯ ᠠᠯᠪᠠ ᠪᠠᠨ ᠵᠠᠯᠭᠠᠭᠤᠯᠬᠤ ᠵᠣᠷᠢᠭᠤᠯᠤᠯᠲᠠ ᠲᠠᠢ ᠪᠠᠭᠤᠳᠠᠯ ᠶᠤᠮ ᠃ ᠨᠠᠳᠠ ᠡᠴᠠ ᠬᠠᠮᠢᠭ᠎ᠠ ᠣᠴᠢᠬᠤ ᠪᠠᠶᠢᠷᠢᠯᠠᠬᠤ ᠲᠤᠬᠠᠢ ᠬᠡᠨ ᠴᠦ ᠠᠰᠠᠭᠤᠭ᠎ᠠ ᠦᠭᠡᠢ᠃ ᠴᠠᠭᠠᠨ᠎ᠠ ᠡᠴᠠ ᠭᠠᠷᠭᠠᠭᠰᠠᠨ ᠬᠤᠪᠢᠶᠠᠷᠢ ᠶ᠋ᠢᠨ ᠳᠠᠭᠠᠤ ᠯᠡ ᠡᠨᠳᠡ ᠢᠷᠠᠪᠠ ᠃ ᠭᠠᠷ ᠠᠴᠢᠶ᠎ᠠ ᠪᠠᠷᠠᠭ᠎ᠠ ᠪᠠᠨ ᠶᠠᠩᠵᠤᠯᠠᠵᠤ᠂ ᠠᠷᠢᠭᠤᠳᠬᠠᠯ ᠡᠨᠡ ᠲᠡᠷᠡ ᠪᠣᠯᠵᠤ ᠪᠠᠶᠢᠲᠠᠯ᠎ᠠ ᠶᠡᠬᠡ ᠥᠯᠥᠰᠴᠦ ᠪᠠᠶᠢᠭ᠎ᠠ ᠪᠠᠨ ᠮᠡᠳᠡᠷᠡᠪᠡ᠃ ᠨᠥᠭᠡᠴᠡᠯᠡᠵᠦ ᠴᠦᠩᠬᠦᠯᠡᠭᠰᠡᠨ ᠰᠢᠯ ᠤᠰᠤ ᠪᠠᠨ ᠵᠠᠯᠭᠢᠯᠠᠪᠠ᠃ ᠥᠷᠯᠥᠭᠡ 4 ᠴᠠᠭ ᠡᠴᠠ ᠬᠣᠶᠢᠰᠢ ᠬᠡᠯᠡᠨ ᠳᠡᠭᠡᠷ᠎ᠡ ᠪᠡᠨ ᠶᠠᠭᠤᠮ᠎ᠠ ᠲᠠᠯᠪᠢᠭ᠎ᠠ ᠦᠭᠡᠢ ᠶᠠᠪᠤᠭ᠎ᠠ ᠪᠠᠨ ᠰᠠᠨᠠᠯ᠎ᠠ ᠃ ᠬᠣᠭᠣᠯᠠᠨ ᠤ ᠬᠤᠪᠢᠶᠠᠷᠢ ᠬᠠᠷᠠᠭᠰᠠᠨ ᠴᠢᠨᠢ ᠣᠷᠣᠢ ᠶ᠋ᠢᠨ ᠬᠣᠭᠣᠯᠠᠨ ᠤ ᠴᠠᠭ ᠠᠯᠢ ᠬᠡᠳᠦᠶᠢᠨ ᠥᠩᠭᠡᠷᠡᠵᠦ᠃ ︽ᠵᠠ᠂ ᠶᠠᠭᠠᠬᠢᠬᠤ ᠪᠤᠢ᠂ ᠭᠦᠷᠡᠶᠢᠨᠡ ᠳ᠋ᠸ︾ ᠭᠡᠵᠦ ᠪᠣᠳᠣᠭᠠᠳ᠂ ᠵᠣᠭᠰᠣᠭ᠎ᠠ ᠵᠠᠢ ᠦᠭᠡᠢ ᠳᠤᠤᠭᠠᠷᠬᠤ ᠤᠲᠠᠰᠤ ᠂ ᠮᠸᠰᠰᠸᠵ ᠳᠦ ᠬᠠᠷᠢᠭᠤ ᠥᠭᠭᠦᠭᠰᠡᠨ ᠰᠢᠭ ᠰᠠᠭᠤᠪᠠ᠃ ᠬᠠᠭᠠᠯᠭ᠎ᠠ ᠴᠣᠬᠢᠯ᠎ᠠ᠃ ᠣᠩᠭᠣᠶᠢᠯᠭᠠᠵᠤ ᠬᠠᠷᠠᠪᠠᠯ ᠬᠠᠯᠠᠭᠤᠨ ᠦᠵᠡᠬᠦ ᠭᠡᠵᠦ ᠶᠠᠪᠤᠭ᠎ᠠ ᠶᠤᠮ ᠪᠠᠶᠢᠨ᠎ᠠ᠃ ᠬᠠᠯᠠᠭᠤᠨ 36.1 ᠵᠢᠭᠠᠭᠠᠳ ᠰᠡᠮᠪᠡᠶᠢᠵᠤ ᠪᠠᠶᠢᠨ᠎ᠠ᠃ ᠰᠡᠭᠦᠵᠢ ᠠᠮᠠᠷᠠᠭᠠᠬᠤ ᠴᠠᠭ ᠪᠣᠯᠣᠯ᠎ᠠ ᠭᠡᠵᠦ ᠪᠣᠳᠣᠲᠠᠯ᠎ᠠ ᠳᠠᠬᠢᠭᠠᠳ ᠬᠠᠭᠠᠯᠭ᠎ᠠ ᠲᠣᠭᠰᠢᠪᠠ᠃
ᠬᠠᠮᠠᠭᠠᠯᠠᠯᠲᠠ ᠶ᠋ᠢᠨ ᠬᠤᠪᠴᠠᠰᠤᠲᠤ᠄ ︽ᠲᠠ ᠠᠶᠠᠭ᠎ᠠ ᠲᠠᠪᠠᠭ ᠢᠶᠡᠨ︾ ᠭᠡᠪᠡ᠃ ᠪᠤᠰᠢᠭᠤᠬᠠᠨ ᠠᠶᠠᠭ᠎ᠠ ᠲᠠᠪᠠᠭ ᠢᠶᠡᠨ ᠬᠠᠭᠠᠯᠭᠠᠨ ᠤ ᠬᠠᠵᠠᠭᠤ ᠳ᠋ᠤ ᠪᠡᠯᠡᠳᠦᠭᠰᠡᠨ ᠭᠠᠵᠠᠷ ᠲᠠᠯᠪᠢᠭᠠᠳ ᠡᠷᠭᠢᠵᠦ ᠦᠵᠡᠬᠦ ᠳ᠋ᠥ ᠠᠶᠠᠭᠠᠨ ᠳᠤ ᠰᠦ ᠲᠠᠢ ᠴᠠᠢ᠂ ᠲᠠᠪᠠᠭ ᠲᠤ ᠭᠤᠯᠢᠷ ᠲᠠᠢ ᠱᠥᠯᠥ ᠪᠠᠶᠢᠵᠤ ᠪᠠᠶᠢᠳᠠᠭ ᠪᠠᠶᠢᠭ᠎ᠠ᠃ ᠪᠢ ᠨᠢᠭᠡ ᠤᠳᠠᠭ᠎ᠠ᠂ ᠵᠠᠶᠢᠷᠮᠠᠭ ᠠᠩᠬ᠎ᠠ ᠢᠳᠡᠵᠦ᠂ ᠡᠵᠢ ᠳ᠋ᠦ ᠪᠡᠨ ᠬᠦᠷᠭᠡᠵᠦ ᠥᠭᠬᠦ ᠰᠠᠨ ᠭᠡᠵᠦ ᠪᠣᠳᠣᠭᠰᠠᠨ ᠢᠶᠡᠨ ᠶᠠᠷᠢᠭᠰᠠᠨ ᠡᠴᠠ ᠪᠠᠨ ᠬᠣᠶᠢᠰᠢ ᠡᠳᠦᠢ ᠶ᠋ᠢ ᠬᠦᠷᠲᠡᠯ᠎ᠡ ᠡᠯᠳᠡᠪ ᠢᠶ᠋ᠡᠷ ᠬᠡᠯᠡᠭᠦᠯᠵᠦ ᠶᠠᠪᠤᠭ᠎ᠠ᠃ ᠶᠠᠭᠤᠮ᠎ᠠ ᠦᠵᠡᠵᠦ᠂ ᠨᠢᠳᠦ ᠲᠠᠶᠢᠯᠤᠭᠰᠠᠨ ᠣᠳᠣ ᠶ᠋ᠢᠨ ᠬᠥᠮᠥᠰ ᠲᠥ ᠬᠥᠳᠡᠭᠡ ᠶ᠋ᠢᠨ ᠪᠣᠷᠣᠭ ᠠᠮᠢᠳᠤᠷᠠᠯ ᠡᠴᠠ ᠶᠡᠬᠡ ᠬᠣᠲᠠ ᠳᠤ ᠢᠷᠡᠭᠰᠡᠨ ᠮᠢᠨᠤ ᠡᠷᠲᠡ ᠦᠶ᠎ᠡ ᠶ᠋ᠢᠨ ᠳᠤᠷᠠᠰᠤᠮᠵᠢ ᠲᠤᠩ ᠬᠥᠭ ᠦᠨ᠂ ᠦᠨᠡᠮᠰᠢᠯ ᠦᠭᠡᠢ ᠰᠠᠨᠠᠭᠳᠠᠳᠠᠭ ᠶᠤᠮ ᠰᠢᠭ᠋ ᠪᠢᠯᠡ ᠃ ᠡᠨᠳᠡ ᠢᠷᠡᠭᠡᠳ ᠢᠳᠡᠭᠰᠡᠨ ᠭᠤᠯᠢᠷ ᠲᠠᠢ ᠱᠥᠯᠥ ᠶ᠋ᠢ ᠲᠡᠭᠡᠵᠦ ᠪᠢᠴᠢᠯᠲᠡᠢ ᠪᠢᠰᠢ᠃ ᠲᠤᠩ ᠠᠮᠲᠠᠲᠠᠢ ᠪᠠᠶᠢᠭᠰᠠᠨ᠃ ᠨᠢᠭᠡ ᠬᠠᠷᠠᠬᠤ ᠳᠦ ᠯᠡ ᠭᠤᠯᠢᠷ ᠲᠠᠢ ᠱᠥᠯᠥ ᠺᠤᠨᠧᠼ᠃ ᠶᠠᠭ ᠦᠨᠡᠨᠳᠡᠭᠡᠨ ᠳᠤᠷᠠᠲᠠᠢ ᠦᠶ᠎ᠡ ᠳ᠋ᠦ ᠪᠡᠨ ᠭᠤᠯᠢᠷ ᠲᠠᠢ ᠱᠥᠯᠥ ᠪᠡᠨ ᠢᠳᠡᠵᠦ ᠪᠠᠶᠢᠭ᠎ᠠ ᠮᠠᠨ ᠤ ᠮᠡᠷᠭᠡᠨ ᠠᠷᠠᠳ ᠤᠳ ᠲᠤ ᠪᠣᠯ ᠡᠨᠡ ᠶᠠᠮᠠᠷ ᠶᠠᠭᠤᠮᠠᠨ ᠤ ᠬᠢᠨᠢ ᠰᠣᠨᠢᠨ ᠪᠠᠶᠢᠬᠤᠪ᠃ ᠨᠤᠲᠤᠭ ᠤᠨ ᠮᠢᠬ᠎ᠠ ᠭᠤᠯᠢᠷ ᠱᠥᠯᠥ ᠃ ᠴᠢᠨᠦ᠎ᠠ ᠬᠦᠷᠲᠡᠯ᠎ᠡ ︽ᠬᠣᠨᠢ ᠭᠠᠲᠤᠯᠤᠭᠰᠠᠨ ᠭᠣᠣᠯ ᠭᠡᠰᠡᠨ ᠳ᠋ᠦ ᠪᠡᠨ ᠥᠭᠡᠷ᠎ᠡ ᠪᠠᠶᠢᠨ᠎ᠠ︾ ᠭᠡᠵᠦ ᠪᠣᠳᠣᠳᠠᠭ ᠭᠡᠳᠡᠭ ᠰᠢᠭ ᠃
ᠭᠤᠯᠢᠷ ᠲᠠᠢ ᠱᠥᠯᠥ ᠦᠨᠡᠬᠡᠷ ᠵᠦᠢᠷᠯᠡᠰᠢ ᠦᠭᠡᠢ ᠪᠠᠶᠢᠪᠠ᠃ ᠨᠢᠭᠡ ᠬᠠᠷᠠᠬᠤ ᠳᠤ ᠠᠶᠠᠭ᠎ᠠ ᠲᠠᠪᠠᠭ ᠢᠶᠡᠨ ᠤᠬᠢᠶᠠᠯ ᠦᠭᠡᠢ ᠂ ᠤᠲᠠᠰᠤ ᠪᠠᠨ ᠮᠠᠭᠠᠵᠢᠭᠠᠳ ᠰᠠᠭᠤᠵᠤ᠃ ᠥᠷᠥᠭᠡᠨ ᠳ᠋ᠥ 21 ᠬᠣᠨᠣᠭ ᠴᠡᠪᠡᠷᠯᠡᠭᠡ ᠣᠷᠣᠬᠤ ᠦᠭᠡᠢ᠃ ᠥᠷᠥᠭᠡᠨ ᠦ ᠪᠡᠨ ᠪᠣᠯᠣᠨ ᠥᠪᠡᠷ ᠤᠨ ᠠᠷᠢᠭᠤᠨ ᠴᠡᠪᠡᠷ ᠢ ᠺᠠᠷᠠᠨ᠋ᠲ᠋ᠢᠨ ᠳᠤ ᠪᠠᠶᠢᠭᠴᠢ ᠬᠠᠷᠢᠭᠤᠴᠠᠬᠤ ᠲᠤᠬᠠᠢ ᠠᠯᠪᠠᠨ ᠪᠢᠴᠢᠭ ᠪᠠᠶᠢᠭᠰᠠᠨ ᠢ ᠰᠠᠨᠠᠪᠠ᠃ ᠠᠶᠠᠭ᠎ᠠ ᠲᠠᠪᠠᠭ ᠢᠶᠡᠨ ᠵᠢᠮᠪᠢᠢᠲᠡᠯᠡ ᠤᠬᠢᠶᠠᠵᠤ ᠲᠠᠯᠪᠢᠯ᠎ᠠ᠃ ᠬᠣᠶᠢᠰᠢᠳᠠ ᠬᠣᠭᠣᠯᠠ ᠴᠠᠢ ᠢᠳᠡᠵᠦ ᠤᠤᠭᠤᠬᠤ ᠪᠦᠷᠢ ᠳ᠋ᠦ ᠪᠡᠨ ᠠᠶᠠᠭ᠎ᠠ ᠲᠠᠪᠠᠭ᠂ ᠬᠠᠯᠪᠠᠭ᠎ᠠ ᠰᠡᠷᠡᠭᠡ ᠪᠡᠨ ᠤᠬᠢᠶᠠᠵᠤ ᠂ ᠡᠷᠭᠢᠨ ᠲᠣᠭᠣᠷᠢᠨ ᠢᠶᠡᠨ ᠴᠡᠪᠡᠷᠯᠡᠬᠦ ᠶᠤᠮ ᠪᠠᠶᠢᠨ᠎ᠠ᠃ ᠬᠥᠮᠥᠨ ᠨᠡᠷ᠎ᠡ ᠪᠡᠨ ᠪᠠᠭ᠎ᠠ ᠶᠠᠭᠤᠮᠠᠨ ᠳᠡᠭᠡᠷ᠎ᠡ ᠴᠦ ᠪᠣᠳᠣᠬᠤ ᠶᠤᠮ᠃ ᠠᠶᠠᠭ᠎ᠠ ᠲᠠᠪᠠᠭ ᠢᠶᠡᠨ ᠰᠠᠶᠢᠨ ᠤᠬᠢᠶᠠᠵᠤ ᠲᠠᠯᠪᠢᠬᠤ ᠦᠭᠡᠢ ᠪᠣᠯ ᠬᠣᠭᠣᠯᠠ ᠵᠥᠭᠡᠭᠡᠵᠦ ᠠᠶᠠᠭᠠᠯᠠᠵᠤ ᠪᠠᠶᠢᠭ᠎ᠠ ᠬᠥᠮᠥᠨ ᠶᠠᠭᠤ ᠴᠦ ᠭᠡᠵᠦ ᠪᠣᠳᠣᠬᠤ ᠶᠤᠮ ᠪᠢᠯᠡ ᠃
ᠥᠷᠯᠥᠭᠡ ᠪᠣᠯᠵᠠᠢ᠃ ᠰᠠᠶᠢᠬᠠᠨ ᠦᠷᠯᠦᠭᠡ᠃ ᠠᠯᠤᠰ ᠲᠤ ᠪᠣᠭᠳᠠ ᠬᠠᠶᠢᠷᠬᠠᠨ ᠤ ᠣᠷᠣᠢ ᠮᠠᠨᠳᠤᠬᠤ ᠨᠠᠷᠠᠨ ᠤ ᠭᠡᠷᠡᠯ ᠳ᠋ᠥ ᠰᠢᠷᠭᠠᠯᠲᠤᠨ ᠬᠦᠷᠡᠩᠲᠦᠵᠦ ᠬᠠᠷᠠᠭᠳᠠᠨ᠎ᠠ᠃ ᠠᠮᠠᠷᠠᠯᠲᠠ ᠶ᠋ᠢᠨ ᠡᠳᠦᠷ ᠪᠣᠯᠪᠠᠴᠤ᠂ ᠶᠡᠬᠡ ᠬᠣᠲᠠ ᠶ᠋ᠢᠨ ᠬᠥᠯ ᠬᠥᠳᠡᠯᠭᠡᠭᠡᠨ ᠬᠡᠳᠦᠶᠢᠨ ᠡᠬᠢᠯᠡᠵᠡᠢ᠃ ᠮᠠᠰᠢᠨ ᠤ ᠳᠣᠬᠢᠶ᠎ᠠ᠂ ᠰᠥᠨᠢ ᠶᠠᠮᠠᠷ ᠠᠵᠢᠯ ᠲᠠᠢ ᠬᠣᠨᠣᠭᠰᠠᠨ ᠶᠤᠮ ᠬᠠᠪᠲᠠᠰᠤ ᠰᠤᠭᠤᠪᠴᠢᠯᠠᠭᠰᠠᠨ ᠭᠦᠶᠦᠬᠦ ᠪᠡᠨ ᠰᠢᠬᠠᠭᠤ ᠶᠠᠪᠤᠭ᠎ᠠ ᠬᠥᠮᠥᠨ᠂ ᠬᠡᠦᠬᠡᠳ ᠲᠦᠷᠢᠭᠰᠡᠨ ᠨᠢᠭᠡ ᠡᠮᠡᠭᠲᠡᠢ᠂ ᠤᠭᠤᠬᠢᠯᠠᠨ ᠵᠣᠭᠰᠣᠬᠤ ᠠᠦ᠋ᠲ᠋ᠣᠪᠤᠰ᠂ ᠤᠯᠠᠭᠠᠨ ᠭᠡᠷᠡᠯ ᠢᠶ᠋ᠡᠷ ᠭᠦᠶᠦᠵᠦ ᠴᠠᠭᠠᠨ ᠵᠢᠫ ᠲᠤ ᠮᠥᠷᠭᠦᠭᠦᠯᠬᠦ ᠰᠢᠬᠠᠭᠰᠠᠨ ᠰᠢᠷ᠎ᠠ ᠬᠦᠷᠮ᠎ᠡ ᠲᠠᠢ ᠪᠦᠰᠡᠭᠦᠢ᠂ ᠪᠠᠷᠠᠭᠤᠨ ᠲᠡᠰᠢ ᠡᠷᠭᠢᠨ ᠬᠤᠷᠳᠤᠯᠠᠨ ᠣᠳᠬᠤ ᠰᠠᠭᠠᠷᠠᠯ ᠫᠷᠢᠦᠰ᠃ ᠡᠶᠢᠮᠦᠷᠬᠦᠦ ᠵᠦᠢᠯ ᠴᠣᠩᠬᠣ ᠪᠡᠷ ᠬᠠᠯᠲᠤ ᠬᠠᠷᠠᠭᠳᠠᠪᠠ᠃ ᠥᠷᠯᠥᠭᠡᠨ ᠣ ᠳᠠᠰᠬᠠᠯ ᠬᠢᠬᠦ ᠰᠢᠨ᠎ᠡ ᠰᠠᠨᠠᠭ᠎ᠠ ᠲᠥᠷᠥᠪᠡ᠃ ᠰᠣᠨᠣᠰᠬᠤ ᠳᠤᠷᠠᠲᠠᠢ Trace urban ᠰᠤᠪᠠᠭ ᠢᠶᠡᠨ ᠣᠯᠵᠤ ᠬᠢᠷᠢ ᠳ᠋ᠦ ᠪᠡᠨ ᠪᠠᠶᠠᠷᠯᠠᠪᠠ᠃ Selena᠂ Dua᠂ Ariana᠂ Justin ᠂ Bruno᠂ Roddy᠂ Billie᠂ Saint᠂ Jennifer ᠭᠡᠳ ᠣᠯᠠᠨ ᠬᠥᠮᠥᠨ ᠣ ᠳᠠᠭᠤᠤ ᠳᠠᠭᠠᠵᠤ᠂ ᠳᠠᠭᠤᠷᠢᠶᠠᠵᠤ ᠬᠥᠳᠡᠯᠭᠡᠭᠡᠨ ᠬᠢᠵᠦ ᠪᠡᠶ᠎ᠡ ᠪᠡᠨ ᠬᠠᠯᠠᠭᠠᠪᠠ ᠃ ᠵᠢᠵᠢᠭ ᠥᠷᠥᠭᠡᠨ ᠳ᠋ᠦ ᠪᠡᠨ ᠬᠢᠵᠦ ᠪᠣᠯᠬᠤ ᠳᠠᠰᠬᠠᠯ ᠢᠶᠡᠨ ᠥᠪᠡᠷ ᠢᠶ᠋ᠡᠨ ᠹᠠᠨᠲ᠋ᠠᠽᠠᠯᠠᠵᠤ ᠬᠢᠭᠰᠡᠨ ᠴᠢᠨᠢ ᠪᠣᠯᠣᠭᠠᠳ ᠶᠠᠪᠤᠴᠢᠬᠠᠯ᠎ᠠ ᠃ ᠪᠠᠷᠤᠭ ᠴᠠᠭ ᠣᠷᠴᠢᠮ ᠳᠠᠰᠬᠠᠯ ᠬᠢᠴᠢᠬᠡᠵᠡᠢ ᠃ ᠥᠷᠯᠥᠭᠡᠨ ᠣ ᠴᠠᠢ ᠢᠷᠠᠵᠤ ᠪᠠᠶᠢᠭ᠎ᠠ ᠪᠣᠯᠣᠯᠲᠠᠢ᠃ ᠬᠠᠭᠠᠯᠭ᠎ᠠ ᠲᠣᠭᠰᠢᠪᠠ᠃ ᠮᠠᠰᠺ ᠢᠶᠡᠨ ᠬᠤᠷᠳᠤᠨ ᠵᠡᠭᠦᠭᠡᠳ ᠬᠠᠭᠠᠯᠭ᠎ᠠ ᠪᠠᠨ ᠨᠡᠭᠡᠭᠡᠪᠡ ᠃ ᠬᠠᠯᠠᠭᠤᠨ ᠦᠵᠡᠳᠡᠭ ᠬᠥᠮᠥᠨ ᠡᠬᠢᠯᠡᠵᠦ ᠢᠷᠠᠪᠠ ᠃ ᠠᠷᠤ ᠡᠴᠠ ᠨᠢ ᠥᠷᠯᠥᠭᠡᠨ ᠣ ᠴᠠᠢ᠃ ︽ᠰᠦ ᠲᠠᠢ ᠬᠡᠦᠬᠡᠳ ᠤᠨ ᠪᠤᠳᠠᠭ᠎ᠠ᠂ ᠸᠠᠷᠸᠨ ᠲᠠᠢ ᠲᠠᠯᠬ᠎ᠠ᠂ ᠰᠦ ᠲᠠᠢ ᠴᠠᠢ︾ ᠭᠡᠵᠦ ᠪᠢᠴᠢᠭᠰᠡᠨ ᠪᠠᠶᠢᠭᠰᠠᠨ᠃ ᠲᠠᠯᠬᠠᠨ ᠳᠡᠭᠡᠷ᠎ᠡ ᠸᠠᠷᠸᠨ ᠢᠷᠡᠭᠰᠡᠨ ᠦᠭᠡᠢ ᠃ ᠪᠤᠰᠤᠳ ᠨᠢ ᠲᠣᠭ᠎ᠠ ᠶᠣᠰᠣ ᠪᠡᠷ ᠃ ᠠᠮᠲᠠ ᠭᠡᠵᠦ ᠸᠠᠩᠯᠢ᠃ 11 ᠴᠠᠭ ᠪᠣᠯᠵᠤ ᠪᠠᠶᠢᠬᠤ ᠳᠤ ᠳᠠᠬᠢᠭᠠᠳ ᠲᠠᠪᠠᠭ ᠢᠶᠡᠨ ᠭᠠᠷᠭᠠᠵᠤ ᠲᠠᠯᠪᠢᠯ᠎ᠠ᠃ ᠥᠨᠳᠡᠭᠡᠨ ᠣ ᠴᠠᠭᠠᠨ ᠬᠥᠪᠥᠭᠰᠡᠨ ᠰᠢᠩᠭᠡᠨ ᠪᠠᠨᠲᠠᠩ᠃ ︽ᠰᠠᠶᠢᠬᠠᠨ ᠬᠣᠭᠣᠯᠠᠯᠠᠭᠠᠷᠠᠢ︾ ᠭᠡᠵᠦ ᠪᠠᠶᠢᠨ᠎ᠠ ᠃ ᠶᠡᠬᠡ ᠪᠠᠶᠠᠷᠯᠠᠯ᠎ᠠ ᠭᠡᠭᠰᠡᠭᠡᠷ ᠦᠯᠡᠳᠡᠯ᠎ᠡ ᠃ ᠬᠣᠭᠣᠯᠠ ᠠᠶᠠᠭᠠᠯᠠᠭᠴᠢ ᠶᠢᠨ ᠬᠣᠭᠣᠯᠠ ᠠᠪᠴᠤ ᠢᠷᠡᠭᠰᠡᠨ ᠰᠠᠪᠠ ᠨᠢᠳᠦᠨ ᠳ᠋ᠥ ᠲᠤᠰᠪᠠ ᠃ ᠭᠠᠳᠠᠭᠤᠷ ᠨᠢ ᠭᠢᠯᠠᠭᠠᠷ ᠤᠭᠤᠲᠠ ᠪᠠᠷ ᠬᠠᠮᠠᠭᠠᠯᠠᠯᠲᠠ ᠬᠢᠵᠡᠢ᠃ ᠴᠡᠷᠢᠭ ᠤᠨ ᠠᠩᠭᠢ ᠰᠠᠯᠪᠤᠷᠢ ᠨᠣᠭᠣᠳ ᠬᠡᠭᠡᠷ᠎ᠡ ᠶ᠋ᠢᠨ ᠰᠤᠷᠭᠠᠭᠤᠯᠢ ᠳᠤ ᠭᠠᠷᠬᠤ ᠳᠤ ᠬᠡᠷᠡᠭᠯᠡᠳᠡᠭ᠂ ᠡᠷᠭᠢᠳᠡᠭ ᠬᠣᠶᠠᠷ ᠪᠣᠰᠣᠭ᠎ᠠ ᠲᠦᠭᠵᠢᠭᠡ ᠲᠠᠢ ᠴᠡᠷᠢᠭ ᠨᠣᠭᠣᠭᠠᠨ ᠰᠠᠪᠠ᠃
ᠠᠷᠭ᠎ᠠ ᠦᠭᠡᠢ ᠯᠡ ᠶᠡᠷᠦ ᠪᠤᠰᠤ ᠶ᠋ᠢᠨ ᠦᠶ᠎ᠡ ᠶᠤᠮ ᠳ᠋ᠠ᠃ ᠬᠡᠳᠦᠢ ᠶᠡᠷᠦ ᠪᠤᠰᠤ ᠶ᠋ᠢᠨ ᠴᠠᠭ ᠪᠣᠯᠪᠠᠴᠤ ᠥᠴᠥᠭᠡᠳᠦᠷ᠂ ᠥᠨᠥᠳᠥᠷ ᠨᠢᠭᠡ ᠶᠠᠭᠤᠮ᠎ᠠ ᠨᠢᠳᠦᠨ ᠳ᠋ᠥ ᠣᠨᠴᠠᠭᠠᠢ ᠲᠤᠰᠬᠤ᠃ ᠳᠡᠯᠡᠬᠡᠢ ᠰᠠᠨᠳᠤᠷᠴᠤ ᠣᠯᠠᠨ ᠣᠷᠣᠨ ᠬᠣᠷᠢᠭ ᠳᠢᠭᠯᠢᠮ ᠢᠶ᠋ᠡᠨ ᠬᠠᠳᠠᠭᠠᠯᠠᠵᠤ᠂ ᠵᠠᠷᠢᠮ ᠭᠠᠵᠠᠷ ᠤᠯᠠᠮ ᠴᠢᠩᠭᠠᠯᠠᠵᠤ ᠪᠠᠶᠢᠬᠤ ᠳᠤ ᠮᠠᠨ ᠤ ᠨᠡᠶᠢᠰᠯᠡᠯ ᠳ᠋ᠥ ᠣᠭᠲᠣ ᠬᠥᠳᠡᠯᠭᠡᠭᠡᠨ ᠲᠠᠲᠠᠷᠠᠭᠰᠠᠨ ᠰᠢᠨᠵᠢ ᠦᠭᠡᠢ᠃ ᠥᠴᠥᠭᠡᠳᠦᠷ ᠨᠢᠰᠬᠦ ᠡᠴᠡ ᠠᠦ᠋ᠲ᠋ᠣᠪᠦ᠋ᠰ ᠢᠶᠠᠷ ᠢᠷᠠᠵᠤ ᠶᠠᠪᠤᠬᠤ ᠳᠤ ᠵᠠᠮ ᠤᠨ ᠲᠦᠭᠵᠢᠷᠡᠭᠡ ᠪᠠᠷᠤᠭ ᠤᠷᠢᠳᠤ ᠶ᠋ᠢᠨ ᠠᠳᠠᠯᠢ ᠪᠠᠶᠢᠯ᠎ᠠ᠃ ᠠᠮᠠᠨ ᠤ ᠬᠠᠭᠠᠯᠲᠠ ᠦᠭᠡᠢ ᠬᠥᠯᠬᠢᠬᠦ ᠬᠥᠮᠥᠰ ᠴᠦ ᠪᠠᠭ᠎ᠠ ᠦᠭᠡᠢ ᠬᠠᠷᠠᠭᠳᠠᠭᠰᠠᠨ᠃ ᠥᠨᠥᠳᠥᠷ ᠴᠦ ᠴᠣᠩᠬᠣ ᠪᠡᠷ ᠠᠵᠢᠬᠤ ᠳ᠋ᠤ ᠬᠥᠳᠡᠯᠭᠡᠭᠡᠨ᠂ ᠬᠥᠮᠥᠨ ᠰᠠᠭᠠᠷᠠᠭᠰᠠᠨ ᠰᠢᠨᠵᠢ ᠦᠭᠡᠢ᠃ ᠪᠣᠯᠭᠣᠮᠵᠢ ᠢᠯᠡᠭᠦᠳᠡᠬᠦ ᠦᠭᠡᠢ ᠃ ᠳᠡᠯᠡᠬᠡᠢ ᠡᠴᠡ ᠴᠠᠷ᠎ᠠ ᠲᠠᠬᠤᠯ ᠶᠠᠪᠤᠴᠢᠬᠠᠭ᠎ᠠ ᠦᠭᠡᠢ ᠪᠠᠶᠢᠭ᠎ᠠ ᠰᠢᠦ᠃