ᠹᠠᠨᠲ᠋ᠠᠰᠲ᠋ᠢᠺ ᠫᠷᠣᠳᠠᠺᠱᠢᠨ ᠤ ᠡᠭᠡᠯᠵᠢᠲᠦ ᠤᠷᠠᠨ ᠪᠦᠲᠦᠭᠡᠯ ᠪᠣᠯᠬᠤ ︽ 37 ᠳ᠋ᠤᠭᠠᠷ ᠲᠤᠴᠺᠠ︾ᠣᠯᠠᠨ ᠠᠩᠭᠢᠲᠤ ᠤᠷᠠᠨ ᠰᠠᠶᠢᠬᠠᠨ ᠤ ᠺᠢᠨᠣ᠋ ᠶ᠋ᠢᠨ ᠲᠡᠭᠦᠰᠬᠡᠯ ᠤᠨ ᠠᠩᠭᠢ ᠶ᠋ᠢᠨ ᠣᠩᠯᠠᠶᠢᠨ ᠨᠡᠭᠡᠭᠡᠯᠲᠡ ᠶ᠋ᠢᠨ ᠤᠯᠠᠭᠠᠨ ᠬᠡᠪᠢᠰ ᠤᠨ ᠶᠣᠰᠣᠯᠠᠯ ᠥᠨᠥᠳᠥᠷ ︵04.05 ︶ ᠴᠢᠩᠭᠢᠰ ᠵᠣᠴᠢᠳ ᠪᠠᠭᠤᠳᠠᠯ ᠳ᠋ᠤ ᠪᠣᠯᠪᠠ ᠃ ᠤᠭ ᠳᠡᠯᠭᠡᠴᠡ ᠶ᠋ᠢᠨ ᠪᠦᠲᠦᠭᠡᠯ ᠤᠨ ᠨᠢᠭᠡ ᠂ ᠬᠣᠶᠠᠳᠤᠭᠠᠷ ᠪᠦᠯᠦᠭ ᠪᠤᠶᠤ ᠨᠡᠶᠢᠲᠡ 20 ᠠᠩᠭᠢ ᠦᠵᠡᠭᠴᠢᠳ ᠦᠨ ᠬᠦᠷᠲᠡᠭᠡᠯ ᠪᠣᠯᠣᠭᠠᠳ ᠪᠠᠶᠢᠭ᠎ᠠ ᠪᠢᠯᠡ ᠃ ᠲᠤᠰ ᠺᠢᠨᠣ᠋ ᠶ᠋ᠢᠨ ᠲᠡᠭᠦᠰᠬᠡᠯ ᠤᠨ ᠪᠦᠷᠢᠨ ᠬᠡᠮᠵᠢᠶᠡᠨ ᠣ ᠨᠢᠭᠡ ᠠᠩᠭᠢ ᠶ᠋ᠢ ᠳᠥᠷᠪᠡᠳᠦᠭᠡᠷ ᠰᠠᠷ᠎ᠠ ᠶ᠋ᠢᠨ 6 ᠂ 7 ᠂ 8 ᠤ ᠡᠳᠦᠷ ᠦᠵᠡᠭᠴᠢᠳ ᠲᠦ ᠬᠦᠷᠭᠡᠬᠦ ᠶᠤᠮ ᠃
ᠨᠡᠭᠡᠭᠡᠯᠲᠡ ᠶ᠋ᠢ ᠣᠩᠯᠠᠶᠢᠨ ᠬᠡᠯᠪᠡᠷᠢ ᠪᠡᠷ ᠵᠣᠬᠢᠶᠠᠨ ᠪᠠᠶᠢᠭᠤᠯᠬᠤ ᠪᠥᠭᠡᠳ ᠬᠠᠮᠤᠭ ᠤᠨ ᠲᠦᠷᠦᠭᠦᠨ ᠳ᠋ᠥ ᠦᠵᠡᠬᠦ ᠶ᠋ᠢ ᠬᠦᠰᠡᠭᠰᠡᠨ ᠦᠵᠡᠭᠴᠢᠳ ᠲᠡᠭᠡᠨ ᠲᠤᠰᠬᠠᠶᠢᠯᠠᠨ ᠵᠣᠷᠢᠭᠤᠯᠵᠤ ᠂ ᠤᠷᠢᠳᠴᠢᠯᠠᠭᠰᠠᠨ ᠪᠠᠶᠢᠳᠠᠯ ᠢᠶᠠᠷ ᠣᠩᠯᠠᠶᠢᠨ ᠲᠠᠰᠤᠯᠪᠤᠷᠢ ᠬᠤᠳᠠᠯᠳᠤᠭᠠᠯᠠᠨᠠ ᠭᠡᠳᠡᠭ ᠢᠶ᠋ᠡᠨ ᠮᠡᠳᠡᠭᠳᠡᠭᠡᠳ ᠪᠤᠢ ᠃ ᠲᠤᠰ ᠺᠢᠨᠣ᠋ ᠳ᠋ᠤ 1970 ᠂ 1980 ᠣᠨ ᠤ ᠵᠠᠯᠠᠭᠤᠴᠤᠳ ᠤᠨ ᠠᠮᠢᠳᠤᠷᠠᠯ ᠢ ᠲᠡᠦᠬᠡᠨ ᠦᠢᠯᠡ ᠶᠠᠪᠤᠳᠠᠯ ᠳᠤ ᠲᠤᠯᠭᠠᠭᠤᠷᠢᠯᠠᠨ ᠤᠷᠠᠨ ᠰᠠᠶᠢᠬᠠᠨ ᠤ ᠠᠷᠭ᠎ᠠ ᠪᠡᠷ ᠬᠠᠷᠠᠭᠤᠯᠤᠭᠰᠠᠨ ᠢᠶᠠᠷ ᠢᠶᠡᠨ ᠥᠪᠡᠷᠮᠢᠴᠡ ᠪᠣᠯᠬᠤ ᠶ᠋ᠢ ᠤᠷᠠᠨ ᠪᠦᠲᠦᠭᠡᠯᠴᠢᠳ ᠣᠨᠴᠠᠯᠠᠭᠰᠠᠨ ᠃