︽ ᠬᠠᠩᠵᠸᠤ 2022 ︾ ᠠᠽᠢᠶ᠎ᠠ ᠶ᠋ᠢᠨ ᠠᠷᠪᠠ ᠶᠢᠰᠦᠳᠦᠭᠡᠷ ᠨᠠᠭᠠᠳᠤᠮ ᠢᠷᠡᠬᠦ 2022 ᠣᠨ ᠤ ᠶᠢᠰᠦᠳᠦᠭᠡᠷ ᠰᠠᠷ᠎ᠠ ᠶ᠋ᠢᠨ 10 -29 ᠳᠤ ᠰᠫᠣᠷᠲ ᠤᠨ 40 ᠲᠥᠷᠥᠯ ᠢᠶ᠋ᠡᠷ ᠵᠣᠬᠢᠶᠠᠨ ᠪᠠᠶᠢᠭᠤᠯᠤᠭᠳᠠᠬᠤ ᠪᠥᠭᠡᠳ ᠡᠭᠦᠨ ᠳ᠋ᠥ ︽ ᠫᠠᠷᠢᠰ 2024 ︾ ᠣᠯᠢᠮᠫᠢᠺ ᠤᠨ ᠨᠠᠭᠠᠳᠤᠮ ᠤᠨ ᠬᠥᠲᠥᠯᠪᠦᠷᠢ ᠳ᠋ᠦ ᠣᠷᠣᠭᠰᠠᠨ 28 ᠣᠯᠢᠮᠫᠢᠺ ᠤᠨ ᠲᠥᠷᠥᠯ ᠤᠨ ᠰᠫᠣᠷᠲ ᠪᠠᠭᠲᠠᠵᠠᠢ ᠃ ᠲᠤᠰ ᠨᠠᠭᠠᠳᠤᠮ ᠢ ᠵᠣᠬᠢᠶᠠᠨ ᠪᠠᠶᠢᠭᠤᠯᠬᠤ ᠬᠣᠷᠢᠶᠠᠨ ᠡᠴᠠ ︽ᠬᠠᠩᠵᠸᠤ 2022 ︾ ᠠᠽᠢᠶ᠎ᠠ ᠶ᠋ᠢᠨ ᠨᠠᠭᠠᠳᠤᠮ ᠤᠨ ᠪᠡᠯᠭᠡᠳᠡᠯ ᠢ ᠣᠯᠠᠨ ᠨᠡᠶᠢᠲᠡ ᠳ᠋ᠥ ᠲᠠᠨᠢᠯᠴᠠᠭᠤᠯᠬᠤ ᠶᠣᠰᠣᠯᠠᠯ ᠢ ᠣᠩᠯᠠᠶᠢᠨ ᠢᠶᠠᠷ ᠵᠣᠬᠢᠶᠠᠨ ᠪᠠᠶᠢᠭᠤᠯᠪᠠ᠃ ᠪᠡᠯᠭᠡᠳᠡᠯ ᠨᠢ ᠶᠦᠨ᠋ᠸᠰᠺᠣ ᠶ᠋ᠢᠨ ᠳᠡᠯᠡᠬᠡᠢ ᠶ᠋ᠢᠨ ᠰᠣᠶᠣᠯ ᠤᠨ ᠥᠪ ᠲᠦ ᠪᠦᠷᠢᠳᠬᠡᠭᠳᠡᠭᠰᠡᠨ ᠲᠤᠰ ᠬᠣᠲᠠ ᠶ᠋ᠢᠨ ᠭᠤᠷᠪᠠᠨ ᠰᠢᠨᠵᠢ ᠴᠢᠨᠠᠷ ᠢ ᠰᠢᠩᠭᠡᠭᠡᠭᠰᠡᠨ ᠤᠯᠠᠮᠵᠢᠯᠠᠯ ᠂ ᠰᠢᠨᠡᠴᠢᠯᠡᠯᠲᠡ ᠂ ᠡᠷᠳᠡᠮ ᠮᠡᠳᠡᠯᠭᠡ ᠶ᠋ᠢ ᠪᠡᠯᠭᠡᠳᠡᠭᠰᠡᠨ ︽ ᠴᠸᠨ ᠴᠸᠨ ︾ ᠂ ︽ ᠴᠦᠩ ᠴᠦᠩ ︾ ᠂ ︽ ᠯᠢᠶᠠᠩ ᠯᠢᠶᠠᠩ︾ ᠬᠡᠮᠡᠬᠦ ᠭᠤᠷᠪᠠᠨ ᠤᠬᠠᠭᠠᠯᠢᠭ ᠷᠣᠪᠣᠲ ᠪᠠᠶᠢᠬᠤ ᠶᠤᠮ ᠃