ᠠᠩᠭᠯᠢ ᠶ᠋ᠢᠨ ᠫᠷᠸᠮᠢᠶ᠋ᠸᠷ ᠯᠢᠭ ᠦᠨ ᠯᠢᠸ᠋ᠸ᠋ᠷᠫᠤᠯ ᠪᠠᠭ ᠤᠨ ᠳᠣᠮᠣᠭ ᠵᠤᠨ ᠠᠷᠨᠧ ᠷᠢᠢᠰᠸ ᠥᠬᠢᠨ ᠣ ᠬᠠᠮᠲᠤ ᠨᠣᠷᠸᠠᠢ ᠤᠯᠤᠰ ᠤᠨ ᠠᠯᠸᠰᠤᠨᠳ᠋ ᠬᠣᠲᠠ ᠳᠤ ᠥᠨᠥᠳᠥᠷ ︵04.08︶ ᠮᠠᠰᠢᠨ ᠤ ᠣᠰᠣᠯ ᠳᠤ ᠣᠷᠣᠨ ᠡᠮᠨᠡᠯᠭᠡ ᠳ᠋ᠥ ᠬᠦᠷᠭᠡᠭᠳᠡᠵᠡᠢ᠃ ᠡᠮᠨᠡᠯᠭᠡ ᠳ᠋ᠥ ᠢᠷᠡᠬᠦ ᠳ᠋ᠦ ᠪᠡᠨ ᠤᠬᠠᠭᠠᠨ ᠲᠠᠢ ᠪᠠᠶᠢᠭᠰᠠᠨ ᠭᠡᠨ᠎ᠡ ᠃
ᠲᠤᠰ ᠬᠣᠲᠠ ᠶ᠋ᠢᠨ ᠴᠠᠭᠳᠠᠭ᠎ᠠ ᠰᠢᠨᠳ᠋ᠷᠸ ᠮᠤᠯᠨᠧᠰ᠄ ᠪᠢᠳᠠᠨ ᠳᠤ ᠣᠰᠣᠯ ᠲᠠᠢ ᠬᠣᠯᠪᠣᠭᠠᠲᠠᠢ ᠬᠡᠳᠦ ᠬᠡᠳᠦᠨ ᠰᠡᠵᠢᠭᠦᠷ ᠪᠤᠢ᠃ ᠭᠡᠬᠦ ᠳ᠋ᠦ ᠪᠡᠨ ᠶᠠᠭᠤᠨ ᠣ ᠡᠮᠦᠨ᠎ᠡ ᠭᠡᠷᠡᠴᠢ ᠨᠦᠭᠦᠳ ᠡᠴᠡ ᠮᠡᠳᠡᠭᠡᠯᠡᠯ ᠴᠤᠭᠯᠠᠭᠤᠯᠬᠤ ᠬᠡᠷᠡᠭᠲᠡᠢ ᠃ ᠭᠡᠮᠲᠦ ᠬᠡᠷᠡᠭ ᠦᠨ ᠶᠠᠮᠠᠷ ᠨᠢᠭᠡᠨ ᠤᠯᠠ ᠮᠥᠷ ᠣᠯᠳᠠᠭ᠎ᠠ ᠦᠭᠡᠢ ᠬᠡᠮᠡᠨ ᠮᠡᠳᠡᠭᠳᠡᠭᠰᠡᠨ ᠪᠠᠶᠢᠨ᠎ᠠ᠃ ᠵᠤᠨ ᠠᠷᠨᠧ ᠷᠢᠢᠰᠸ ᠨᠢ ᠯᠢᠸ᠋ᠸ᠋ᠷᠫᠤᠯ ᠪᠠᠭ ᠲᠤ 2001 2008 ᠣᠨ ᠨᠣᠭᠣᠳ ᠤᠨ ᠬᠣᠭᠣᠷᠣᠨᠳᠤ ᠬᠦᠴᠦᠨ ᠵᠢᠳᠬᠦᠵᠦ᠂ ᠣᠯᠠᠨ ᠲᠡᠮᠡᠴᠡᠭᠡᠨ ᠳ᠋ᠥ ᠲᠦᠷᠦᠭᠦᠯᠡᠵᠡᠢ ᠃