1993 ᠣᠨ ᠳᠤ ᠪᠠᠶᠢᠭᠤᠯᠤᠭᠳᠠᠭᠰᠠᠨ ᠮᠣᠩᠭᠣᠯ ᠤᠨ ᠷᠣᠺ ᠬᠠᠮᠲᠤᠯᠢᠭ ᠪᠣᠯ ᠨᠢᠺᠢᠲ᠋ᠣᠨ ᠃ ᠡᠨᠡ ᠣᠨ ᠳᠤ 25 ᠵᠢᠯ ᠤᠨ ᠣᠢ ᠨᠢ ᠲᠣᠬᠢᠶᠠᠵᠤ ᠪᠠᠶᠢᠭ᠎ᠠ ᠲᠤᠰ ᠬᠠᠮᠲᠤᠯᠢᠭ ᠤᠨ ᠬᠢᠨ ᠦᠵᠡᠭᠴᠢᠳ ᠲᠠᠢ ᠪᠠᠨ ᠴᠡᠩᠬᠡᠷ ᠳᠡᠯᠭᠡᠴᠡ ᠪᠡᠷ ᠠᠭᠤᠯᠵᠠᠯ᠎ᠠ ᠃ ᠲᠡᠳᠡᠨ ᠦ ︽ᠮᠣᠩᠭᠣᠯ ᠳ᠋ᠤ ᠪᠠᠨ ᠬᠠᠶᠢᠷᠠᠲᠠᠢ︾ ᠣᠩᠯᠠᠶᠢᠨ Live ᠲᠣᠭᠯᠠᠯᠲᠠ ᠶ᠋ᠢ ᠥᠴᠥᠭᠡᠳᠦᠷ 20:00 ᠴᠠᠭ ᠡᠴᠠ ᠪᠣᠯᠪᠠᠰᠤᠷᠠᠯ ᠰᠤᠪᠠᠭ ᠢᠶᠠᠷ ᠰᠢᠭᠤᠳ ᠳᠠᠮᠵᠢᠭᠤᠯᠤᠨ ᠬᠦᠷᠭᠡᠭᠰᠡᠨ ᠪᠢᠯᠡ ᠃ ᠲᠣᠭᠯᠠᠯᠲᠠ ᠶᠢ ᠮᠦᠨ Ard News᠂ ︽ᠮᠣᠩᠭᠣᠯ ᠳ᠋ᠤ ᠪᠠᠨ ᠬᠠᠶᠢᠷᠠᠲᠠᠢ︾ ᠨᠢᠭᠤᠷ ᠨᠤᠮ ᠰᠢᠭᠤᠳ ᠳᠠᠮᠵᠢᠭᠤᠯᠤᠭᠰᠠᠨ ᠶᠤᠮ ᠃ ᠲᠣᠭᠯᠠᠯᠲᠠ ᠶ᠋ᠢ ᠣᠩᠯᠠᠶᠢᠨ ᠢᠶᠠᠷ 450 ᠮᠢᠩᠭᠠᠨ ᠬᠥᠮᠥᠨ ᠦᠵᠡᠵᠡᠢ ᠃ ᠲᠣᠭᠯᠠᠯᠲᠠ ᠳ᠋ᠤ ᠭᠠᠪᠢᠶᠠᠲᠤ ᠵᠦᠴᠦᠭᠡᠴᠢᠨ ᠂ ᠳᠠᠭᠤᠴᠢᠨ ᠪ᠊·ᠰᠠᠷᠠᠨᠲᠤᠶᠠᠭ᠎ᠠ᠂ ᠵ᠊·ᠠᠯᠲᠠᠨᠴᠡᠴᠡᠭ ᠨᠠᠷ ᠤᠷᠢᠯᠭ᠎ᠠ ᠪᠡᠷ ᠣᠷᠣᠯᠴᠠᠵᠤ ᠠᠶ᠎ᠠ ᠳᠠᠭᠤᠤ ᠪᠠᠨ ᠡᠷᠭᠦᠭᠰᠡᠨ ᠃