ᠬᠢᠯᠢ ᠶ᠋ᠢᠨ ᠠᠩᠭᠢ ᠂ ᠲᠤᠰᠬᠠᠢ ᠰᠠᠯᠪᠤᠷᠢ ᠨᠣᠭᠣᠳ ᠲᠤ ᠬᠢᠯᠢ ᠶ᠋ᠢᠨ ᠡᠷᠢᠯ ᠦᠨ ᠨᠣᠬᠠᠢ ᠶ᠋ᠢ ᠰᠤᠷᠭᠠᠨ ᠂ ᠤᠯᠤᠰ ᠤᠨ ᠬᠢᠯᠢ ᠬᠠᠮᠠᠭᠠᠯᠠᠯᠲᠠ ᠳᠦ ᠠᠰᠢᠭᠯᠠᠵᠤ ᠪᠠᠶᠢᠨ᠎ᠠ ᠃ ᠠᠯᠪᠠᠨ ᠤ ᠨᠣᠬᠠᠢ ᠶ᠋ᠢᠨ ᠰᠤᠷᠭᠠᠯᠲᠠ ᠶ᠋ᠢᠨ ᠲᠥᠪ 2011 ᠣᠨ ᠡᠴᠠ ᠬᠣᠶᠢᠰᠢ 210 ᠭᠠᠷᠤᠢ ᠨᠣᠬᠠᠢ ᠬᠦᠲᠦᠯᠦᠭᠴᠢ ᠶᠢ ᠰᠤᠷᠭᠠᠵᠤ ᠲᠡᠭᠦᠰᠬᠡᠭᠡᠳ ᠪᠠᠶᠢᠭ᠎ᠠ ᠶᠤᠮ ᠃ ᠣᠳᠣ ᠪᠡᠷ ᠤᠯᠤᠰ ᠤᠨ ᠬᠢᠯᠢ ᠬᠠᠮᠠᠭᠠᠯᠠᠯᠲᠠ ᠳᠦ ᠡᠷᠢᠯ ᠦᠨ 159 ᠂ ᠬᠠᠷᠠᠭᠤᠯ ᠬᠠᠮᠠᠭᠠᠯᠠᠯᠲᠠ ᠶ᠋ᠢᠨ 2 ᠂ ᠲᠤᠰᠬᠠᠢ ᠠᠵᠢᠯᠯᠠᠭ᠎ᠠ ᠂ ᠴᠢᠷᠭᠠᠨ ᠤ 55 ᠨᠣᠬᠠᠢ ᠶ᠋ᠢ ᠰᠤᠷᠭᠠᠨ ᠠᠰᠢᠭᠯᠠᠵᠤ ᠪᠠᠶᠢᠨ᠎ᠠ ᠃ ᠭᠧᠷᠮᠠᠨ ᠬᠣᠨᠢᠴᠢ ᠂ ᠬᠠᠰᠺᠢ᠂ ᠮᠣᠩᠭᠣᠯ ᠬᠣᠲᠠᠴᠢ ᠨᠣᠬᠠᠢ ᠂ ᠮᠠᠯᠢᠨᠤᠰ ᠂ ᠮᠣᠩᠭᠣᠯ ᠲᠠᠶᠢᠭ᠎ᠠ ᠵᠡᠷᠭᠡ ᠡᠭᠦᠯᠳᠡᠷ ᠤᠨ ᠨᠣᠬᠠᠳ ᠤᠯᠤᠰ ᠤᠨ ᠬᠢᠯᠢ ᠶ᠋ᠢ ᠬᠠᠮᠠᠭᠠᠯᠠᠬᠤ ᠳᠤ ᠦᠨᠡᠲᠡᠢ ᠬᠤᠪᠢ ᠨᠡᠮᠡᠷᠢ ᠣᠷᠣᠭᠤᠯᠤᠨ ᠬᠦᠴᠦᠨ ᠵᠢᠳᠬᠦᠵᠦ ᠪᠠᠶᠢᠨ᠎ᠠ ᠃
2016 ᠣᠨ ᠡᠴᠠ ᠬᠣᠶᠢᠰᠢ ᠤᠯᠤᠰ ᠤᠨ ᠦᠵᠡᠰᠬᠦᠯᠡᠩ ᠂ ᠤᠷᠤᠯᠳᠤᠭᠠᠨ ᠂ ᠲᠡᠮᠡᠴᠡᠭᠡᠨ ᠨᠦᠭᠦᠳ ᠲᠦ ᠬᠢᠯᠢᠴᠢ ᠨᠣᠬᠠᠳ ᠠᠮᠵᠢᠯᠲᠠᠲᠠᠢ ᠣᠷᠣᠯᠴᠠᠵᠤ ᠬᠣᠶᠠᠷ ᠠᠯᠲᠠ ᠂ ᠨᠢᠭᠡ ᠮᠥᠩᠭᠥ ᠂ ᠭᠤᠷᠪᠠᠨ ᠬᠦᠷᠡᠯ ᠮᠧᠳᠠᠯ ᠠᠪᠴᠠᠢ ᠃