ᠭᠧᠷᠮᠠᠨ ᠪ ᠺᠸᠯᠢᠨ ᠪᠠᠭ ᠤᠨ ᠲᠠᠯᠠᠪᠠᠢ ᠳ᠋ᠤ ᠪᠠᠨ ᠬᠢᠬᠦ ᠲᠤᠭᠯᠠᠯᠲᠠ ᠪᠦᠷᠢ ᠵᠢᠨ ᠡᠮᠦᠨ᠎ᠡ ᠢᠮᠠᠭ᠎ᠠ ᠴᠡᠩᠭᠡᠯᠳᠦᠬᠦ ᠳ᠋ᠦ ᠨᠢ ᠣᠷᠤᠵᠤ ᠢᠷᠡᠳᠡᠭ ᠃ ᠳ᠋ᠤᠷᠲᠮᠤᠨᠳ᠋ ᠤᠨ ᠪᠠᠭ ᠤᠨ ᠡᠰᠡᠷᠭᠦ ᠲᠤᠭᠯᠠᠯᠲᠠ ᠳ᠋ᠤ ᠾᠸᠨᠨᠧᠰ – 9 ᠬᠡᠮᠡᠬᠦ ᠢᠮᠠᠭ᠎ᠠ ᠠᠩᠬ᠎ᠠ ᠤᠳᠠᠭ᠎ᠠ ᠡᠯ᠎ᠡ ᠬᠦᠨᠳᠦᠲᠡᠢ ᠡᠭᠦᠷᠭᠡ ᠵᠢ ᠭᠦᠢᠴᠡᠳᠬᠡᠵᠡᠢ ᠃ ᠬᠠᠷᠢᠨ 2008 ᠣᠨ ᠡᠴᠠ ᠬᠤᠢᠢᠰᠢ ᠺᠸᠯᠢᠨ ᠪ ᠪᠡᠯᠭᠡᠳᠡᠯ ᠪᠣᠯᠵᠤ ᠢᠷᠡᠭᠰᠡᠨ ᠾᠸᠨᠨᠧᠰ – 8 ᠡᠷᠡᠭᠦᠯ ᠮᠡᠨᠳᠦ ᠵᠢᠨ ᠰᠢᠯᠲᠠᠭᠠᠨ ᠪ ᠤᠯᠠᠮ ᠡᠴᠠ ᠲᠡᠳᠬᠦᠪᠦᠷᠢ ᠳ᠋ᠦ ᠪᠡᠨ ᠭᠠᠷᠤᠭᠰᠠᠨ ᠶᠤᠮ ᠃ ᠾᠸᠨᠨᠧᠰ – 9 ᠥᠩᠭᠡᠷᠡᠭᠰᠡᠨ ᠵᠢᠯ ᠲᠥᠷᠦᠭᠰᠡᠨ ᠪᠥᠭᠡᠳ ᠺᠸᠯᠢᠨ ᠬᠤᠲᠠ ᠵᠢᠨ ᠠᠮᠢᠲᠠᠨ ᠪ ᠬᠦᠷᠢᠶᠡᠯᠡᠩ ᠳ᠋ᠦ ᠳᠠᠩᠰᠠ ᠲᠠᠢ ᠶᠤᠮ᠃ ᠲᠡᠷᠡ ᠪᠣᠯ ᠭᠧᠷᠮᠠᠨ ᠳᠤ ᠨᠡᠩ ᠬᠤᠪᠣᠷ ᠂ ᠤᠰᠠᠳᠬᠤ ᠠᠶᠤᠯ ᠳᠤ ᠥᠷᠲᠦᠭᠡᠳ ᠪᠤᠢ Bunte Deutsche Edelziege ᠡᠭᠦᠯᠳᠡᠷ ᠤᠨ ᠬᠢ ᠶᠤᠮ ᠃ ᠡᠯ᠎ᠡ ᠡᠭᠦᠯᠳᠡᠷ ᠨᠢ ᠦᠯᠡᠮᠵᠢ ᠲᠤᠮᠣ ᠪᠡᠶ᠎ᠡ ᠲᠠᠢ ᠭᠡᠳᠡᠭ ᠵᠢᠨᠷ ᠵᠢᠨᠨ ᠣᠨᠴᠠᠭᠠᠢ ᠃ ᠢᠩᠭᠢᠬᠦ ᠳ᠋ᠦ ᠶᠠᠮᠠᠷ ᠰᠢᠯᠲᠠᠭᠠᠨ ᠵᠢᠨᠷ ᠢᠮᠠᠭ᠎ᠠ ᠬᠥᠯ ᠪᠥᠮᠪᠥᠭᠡ ᠵᠢᠨ ᠪᠠᠭ ᠤᠨ ᠪᠡᠯᠭᠡᠳᠡᠯ ᠪᠣᠯᠪᠠ︖ ᠡᠨᠡ ᠲᠡᠦᠬᠡ ᠺᠸᠯᠢᠨ ᠪᠠᠭ ᠪᠠᠢᠢᠭᠤᠯᠤᠭᠳᠠᠭᠰᠠᠨ ᠪ ᠬᠤᠶᠠᠷ ᠵᠢᠯ ᠤᠨ ᠣᠢ ᠵᠢᠨ ᠪᠠᠶᠠᠷ ᠪᠤᠶᠤ 1950 ᠣᠨ ᠡᠴᠠ ᠡᠬᠢᠯᠡᠯ ᠲᠠᠢ ᠃
ᠲᠤᠰ ᠬᠤᠲᠠ ᠵᠢᠨ ᠼᠢᠷᠺ ᠤᠨ ᠵᠠᠬᠢᠷᠤᠯ ᠺᠠᠷᠤᠯ ᠤᠯᠢᠶᠠᠮᠰ ᠂ ᠺᠸᠯᠢᠨ ᠪ ᠶᠡᠷᠦᠩᠬᠡᠢ ᠳᠠᠰᠬᠠᠯᠵᠢᠭᠤᠯᠤᠭᠴᠢ ᠳᠤ ᠪᠠᠶᠠᠷ ᠨᠠᠭᠠᠳᠤᠮ ᠤᠨ ᠦᠶ᠎ᠡ ᠪᠡᠷ ᠶᠠᠭᠠᠬᠢᠭᠠᠳ ᠴᠦ ᠶᠤᠮ ᠢᠮᠠᠭ᠎ᠠ ᠪᠡᠯᠡᠭᠯᠡᠵᠡᠢ᠃ ᠺᠠᠷᠤᠯ ᠰᠦᠰᠦᠭ ᠪᠢᠰᠢᠷᠡᠯ ᠲᠠᠢ ᠬᠥᠮᠦᠨ ᠪᠠᠢᠢᠭᠰᠠᠨ ᠦᠦ ᠂ ᠡᠰᠡᠪᠡᠯ ᠬᠤᠲᠠ ᠵᠢᠨ ᠬᠢᠨ ᠢᠮᠠᠭᠠᠨ ᠳᠤ ᠬᠠᠢᠢᠷᠠᠲᠠᠢ ᠪᠠᠢᠢᠭᠰᠠᠨ ᠦᠦ᠂ ᠠᠯᠢᠨ ᠪᠣᠯᠪᠠᠴᠤ ᠲᠡᠷᠡ ᠴᠠᠭ ᠡᠴᠠ ᠬᠤᠢᠢᠰᠢ ᠢᠮᠠᠭ᠎ᠠ ᠺᠸᠯᠢᠨ ᠪᠠᠭ ᠤᠨ ᠪᠡᠯᠭᠡᠳᠡᠯ ᠪᠣᠯᠵᠤ ᠬᠤᠪᠢᠷᠠᠪᠠ ᠃ ᠺᠸᠯᠢᠨ ᠪᠠᠭ ᠤᠨ ᠲᠡᠦᠬᠡᠨ ᠳ᠋ᠡᠬᠢ ᠬᠠᠮᠤᠭ ᠤᠨ ︽ᠠᠮᠵᠢᠯᠲᠠᠲᠠᠢ︾ ᠢᠮᠠᠭ᠎ᠠ ᠪᠣᠯ ᠾᠸᠨᠨᠧᠰ – 4 ᠶᠤᠮ᠃ ᠲᠡᠭᠦᠨ ᠊ᠢ ᠠᠮᠢᠳᠤ ᠠᠬᠤᠢ ᠳᠤ ᠪᠠᠭ ᠨᠢ 1977 – 1978 ᠣᠨ ᠪ ᠤᠯᠠᠷᠢᠯ ᠳᠤ ᠪᠤᠨᠳ᠋ᠸᠰ ᠯᠢᠭ ᠪᠣᠯᠤᠨ ᠭᠧᠷᠮᠠᠨ ᠪ ᠴᠤᠮᠣ ᠳ᠋ᠤ ᠲᠦᠷᠦᠭᠦᠯᠡᠵᠦ ᠪᠠᠢᠢᠪᠠ ᠃ ᠠᠪᠤᠷᠭᠤ ᠴᠤᠯᠠ ᠪᠠᠨ ᠲᠡᠮᠳᠡᠭᠯᠡᠬᠦ ᠪᠠᠶᠠᠷ ᠤᠨ ᠵᠢᠭᠰᠠᠭᠠᠯ ᠤᠨ ᠦᠶ᠎ᠡ ᠪᠡᠷ ᠾᠸᠨᠨᠧᠰ – 4 ᠬᠦᠯ ᠪᠦᠮᠪᠤᠭᠡᠴᠢᠳ ᠲᠠᠢ ᠬᠠᠮᠲᠤ ᠳᠡᠭᠡᠭᠦᠷ ᠵᠢᠨᠨ ᠨᠡᠭᠡᠭᠡᠯᠲᠡ ᠲᠠᠢ ᠠᠦ᠋ᠲ᠋ᠤᠪᠤᠰ ᠲᠤ ᠰᠠᠭᠤᠵᠤ ᠂ ᠪᠠᠶᠠᠷ ᠬᠥᠷ ᠤᠨ ᠭᠤᠤᠯ ᠳᠦᠷᠢ ᠵᠢᠨ ᠨᠢᠭᠡ ᠪᠣᠯᠵᠤ ᠪᠠᠢᠢᠯ᠎ᠠ ᠃