ᠮᠤᠩᠭᠤᠯ ᠤᠯᠤᠰ ᠤᠨ ᠶᠡᠷᠦᠩᠬᠡᠢᠢᠯᠡᠭᠴᠢ ᠬ᠊·ᠪᠠᠲᠤᠲᠤᠯᠭ᠎ᠠ ᠥᠨᠦᠳᠦᠷ ᠠᠷᠠᠳ ᠲᠦᠮᠡᠨ ᠳ᠋ᠡᠬᠡᠨ ᠬᠠᠨᠳᠤᠨ ᠵᠢᠷᠭᠤᠭᠠᠨ ᠵᠦᠢᠯ ᠪᠦᠬᠦᠢ ᠤᠷᠢᠶᠠᠯᠠᠭ᠎ᠠ ᠭᠠᠷᠭᠠᠯ᠎ᠠ ᠃ ᠰᠡᠭᠦᠯ ᠤᠨ ᠦᠶ᠎ᠡ ᠳ᠋ᠦ ᠺᠣᠷᠤᠨᠠ ᠸᠢᠷᠦ᠋ᠰ ᠤᠨ ᠲᠠᠬᠤᠯ᠂ ᠨᠧᠹᠲ ᠤᠨ ᠦᠨ᠎ᠡ ᠵᠢᠨ ᠤᠨᠠᠯᠲᠠ᠂ ᠳᠡᠯᠡᠬᠡᠢ ᠵᠢᠨ ᠰᠠᠩᠬᠦᠦ ᠵᠢᠨ ᠵᠠᠬ᠎ᠠ ᠵᠡᠭᠡᠯᠢ ᠵᠢᠨ ᠤᠨᠠᠯᠲᠠ ᠡᠴᠠ ᠡᠭᠦᠳᠦᠨ ᠡᠳ᠋ ᠤᠨ ᠵᠠᠰᠠᠭ ᠲᠤ ᠳᠠᠶᠠᠭᠠᠷ ᠬᠢᠮᠤᠷᠠᠯ ᠨᠢᠭᠤᠷᠯᠠᠨ ᠢᠷᠠᠯ᠎ᠠ ᠭᠡᠵᠦ ᠳᠡᠯᠡᠬᠡᠢ ᠵᠢᠨ ᠪᠠᠷᠤᠭ ᠪᠦᠬᠦ ᠡᠳ᠋ ᠤᠨ ᠵᠠᠰᠠᠭᠴᠢᠳ ᠳ᠋ᠦᠩᠨᠡᠵᠦ᠂ ᠵᠠᠰᠠᠭ ᠤᠨ ᠭᠠᠵᠠᠷ ᠤᠳ ᠨᠢᠭᠤᠷᠯᠠᠨ ᠪᠤᠢ ᠬᠢᠮᠤᠷᠠᠯ ᠤᠨ ᠴᠤᠬᠢᠯᠲᠠ ᠵᠢ ᠵᠥᠭᠡᠯᠡᠷᠡᠭᠦᠯᠬᠦ ᠂ ᠳᠠᠪᠠᠨ ᠲᠤᠭᠤᠯᠬᠤ ᠳ᠋ᠤ ᠪᠦᠬᠦᠢᠢᠯᠡ ᠬᠦᠴᠦ ᠠᠩᠬᠠᠷᠤᠯ ᠵᠢᠨᠨ ᠲᠠᠯᠪᠢᠵᠤ ᠡᠬᠢᠯᠡᠪᠡ ᠃
ᠪᠢᠳᠠᠨ ᠪ ᠮᠡᠳᠡᠳᠡᠭ᠂ ᠳᠠᠰᠤᠯ ᠪᠣᠯᠤᠭᠰᠠᠨ ᠡᠳ᠋ ᠤᠨ ᠵᠠᠰᠠᠭ ᠤᠨ ᠳᠠᠶᠠᠭᠠᠷ ᠰᠢᠰᠲ᠋ᠧᠮ ᠮᠠᠰᠢ ᠪᠣᠭᠤᠨᠢ ᠬᠤᠭᠤᠴᠠᠭᠠᠨ ᠳᠦ ᠲᠠᠨᠢᠭᠳᠠᠬᠤ ᠵᠢᠨ ᠠᠷᠭ᠎ᠠ ᠦᠭᠡᠢ ᠥᠭᠡᠷᠡᠴᠢᠯᠡᠭᠳᠡᠵᠦ ᠡᠬᠢᠯᠡᠯ᠎ᠡ᠃ ᠣᠷᠴᠢᠨ ᠦᠶ᠎ᠡ ᠵᠢᠨ ᠳᠡᠯᠡᠬᠡᠢ ᠵᠢᠨ ᠡᠳ᠋ ᠤᠨ ᠵᠠᠰᠠᠭ ᠴᠣ᠋ ᠰᠢᠨ᠎ᠡ ᠠᠰᠠᠭᠤᠳᠠᠯ ᠲᠠᠢ ᠲᠤᠯᠭᠠᠷᠠᠭᠰᠠᠨ ᠪᠠ ᠡᠨᠡ ᠨᠢ ᠳᠡᠯᠡᠬᠡᠢ ᠵᠢᠨ ᠦᠢᠯᠡᠳᠪᠦᠷᠢᠯᠡᠯ ᠤᠨ ᠬᠡᠮᠵᠢᠶ᠎ᠡ ᠬᠥᠮᠦᠨ ᠠᠮᠠ ᠵᠢᠨ ᠬᠤᠳᠠᠯᠳᠤᠨ ᠠᠪᠬᠤ ᠪᠣᠯᠤᠮᠵᠢ ᠡᠴᠠ ᠬᠡᠲᠦ ᠳᠠᠪᠠᠨ ᠭᠠᠷᠤᠭᠰᠠᠨ ᠶᠠᠪᠤᠳᠠᠯ ᠠᠵᠠᠢ ᠃ ᠣᠯᠠᠩᠬᠢ ᠠᠨᠠᠯᠢᠲ᠋ᠢᠺ ᠤᠳ 2020 ᠣᠨ ᠪ ᠵᠤᠨ ᠂ ᠨᠠᠮᠤᠷ ᠡᠴᠠ ᠳᠡᠯᠡᠬᠡᠢ ᠵᠢᠨ ᠡᠳ᠋ ᠤᠨ ᠵᠠᠰᠠᠭ ᠲᠤ ᠪᠣᠳᠠᠲᠤ ᠰᠧᠺᠲ᠋ᠤᠷ ᠤᠨ ᠬᠢᠮᠤᠷᠠᠯ ᠪᠣᠯᠵᠤ ᠂ ᠨᠡᠯᠢᠶᠡᠳ ᠤᠳᠠᠭᠠᠨ ᠦᠷᠭᠦᠯᠵᠢᠯᠡᠨ᠎ᠡ ᠭᠡᠵᠦ ᠦᠵᠡᠵᠦ ᠪᠠᠢᠢᠨ᠎ᠠ ᠃ ᠳᠡᠯᠡᠬᠡᠢ ᠵᠢᠨ ᠪᠦᠬᠦ ᠤᠯᠤᠰ ᠣᠷᠤᠨ ᠨᠤᠭᠤᠳ ᠬᠢᠮᠤᠷᠠᠯ ᠳᠦ ᠪᠡᠯᠡᠳᠬᠡᠵᠦ ᠡᠬᠢᠯᠡᠯ᠎ᠡ ᠃ ᠥᠩᠭᠡᠷᠡᠭᠰᠡᠨ ᠵᠠᠭᠤᠨ ᠪ ᠨᠠᠶᠠᠭᠠᠳ ᠣᠨ ᠳᠦ ᠪᠦᠷᠢᠯᠳᠦᠵᠦ ᠪᠤᠢ ᠪᠣᠯᠤᠭᠰᠠᠨ ᠡᠷᠢᠯᠲᠡ ᠵᠢ ᠤᠷᠮᠠᠰᠢᠭᠤᠯᠳᠠᠭ ᠰᠢᠰᠲ᠋ᠧᠮ ᠠᠵᠢᠯᠯᠠᠬᠤ ᠪᠠᠨ ᠪᠣᠯᠢᠭᠰᠠᠨ ᠪᠠᠢᠢᠨ᠎ᠠ᠃ ᠡᠭᠦᠨ ᠪ ᠤᠯᠠᠮ ᠡᠴᠠ ᠬᠥᠮᠦᠨ ᠠᠮᠠ ᠵᠢᠨ ᠡᠷᠢᠯᠲᠡ ᠵᠢ ᠬᠢᠵᠠᠭᠠᠷᠯᠠᠬᠤ ᠮᠸᠬᠠᠨᠢᠰᠮ ᠂ ᠡᠭᠦᠨ ᠪ ᠳᠤᠲᠤᠷ᠎ᠠ ᠬᠤᠷᠢᠭ᠎ᠠ ᠴᠡᠭᠡᠷ ᠤᠨ ᠤᠯᠠᠮ ᠡᠴᠠ ᠬᠠᠮᠤᠭ ᠤᠨ ᠡᠬᠢᠯᠡᠭᠡᠳ ᠳᠡᠯᠡᠬᠡᠢ ᠵᠢᠨ ᠡᠳ᠋ ᠤᠨ ᠵᠠᠰᠠᠭ ᠤᠨ ᠪᠣᠯᠤᠨ ᠲᠡᠭᠡᠭᠡᠪᠦᠷᠢ ᠵᠢᠨ ᠯᠤᠵᠢᠰᠲ᠋ᠢᠺ ᠰᠢᠰᠲ᠋ᠧᠮ ᠡᠪᠳᠡᠷᠡᠬᠦ ᠶᠤᠮ ᠃ ᠡᠭᠦᠨ ᠪ ᠤᠯᠠᠮ ᠡᠴᠠ ᠬᠤᠷᠢᠳᠤᠭᠠᠷ ᠵᠠᠭᠤᠨ ᠪ ᠭᠤᠴᠢᠭᠠᠳ ᠣᠨ ᠳᠦ ᠠᠮᠧᠷᠢᠺᠠ ᠳᠤ ᠪᠣᠯᠤᠭᠰᠠᠨ ︽ᠶᠡᠬᠡ ᠬᠢᠮᠤᠷᠠᠯ ︾ ︵депресси︶ ᠲᠠᠢ ᠳ᠋ᠦᠢᠴᠡᠬᠦᠢᠢᠴᠡ ᠨᠥᠬᠥᠴᠡᠯ ᠪᠠᠢᠢᠳᠠᠯ ᠡᠭᠦᠰᠦᠨ᠎ᠡ ᠭᠡᠵᠦ ᠮᠡᠷᠭᠡᠵᠢᠯᠲᠡᠳ ᠰᠠᠨᠠᠯ ᠨᠢᠭᠡᠲᠡᠢ ᠳ᠋ᠦᠩᠨᠡᠵᠦ ᠪᠠᠢᠢᠨ᠎ᠠ᠃
ᠨᠢᠭᠤᠷᠯᠠᠨ ᠪᠤᠢ ᠡᠳ᠋ ᠤᠨ ᠵᠠᠰᠠᠭ ᠤᠨ ᠳᠠᠶᠠᠭᠠᠷ ᠬᠢᠮᠤᠷᠠᠯ ᠲᠦᠭᠦᠬᠡᠢ ᠡᠳ᠋ ᠵᠢᠨᠨ ᠡᠺᠰᠫᠣᠷᠲ᠋ᠯᠠᠬᠤ ᠪᠠᠷᠢᠮᠵᠢᠶ᠎ᠠ ᠲᠠᠢ᠂ ︽ᠯᠢᠪᠸᠷᠡᠯ ᠬᠠᠨᠳᠤᠯᠭ᠎ᠠ ᠲᠠᠢ︾ ᠡᠳ᠋ ᠤᠨ ᠵᠠᠰᠠᠭ ᠲᠤ ᠢᠯᠡᠭᠦᠦ ᠬᠦᠨᠳᠦ ᠪᠡᠷ ᠲᠤᠰᠤᠨ᠎ᠠ ᠭᠡᠰᠡᠨ ᠵᠠᠷᠢᠮ ᠮᠡᠷᠭᠡᠵᠢᠯᠲᠡᠨ ᠪ ᠳ᠋ᠦᠩᠨᠡᠯᠲᠡ ᠮᠠᠨ ᠪ ᠮᠤᠩᠭᠤᠯ ᠳᠤ ᠲᠤᠢᠢᠯ ᠤᠨ ᠶᠡᠬᠡ ᠬᠠᠮᠢᠶᠠᠲᠠᠢ ᠃ ᠺᠣᠷᠤᠨᠠ ᠸᠢᠷᠦ᠋ᠰ ᠤᠨ ᠲᠠᠬᠤᠯ ᠤᠨ ᠡᠰᠡᠷᠭᠦ ᠪᠢᠳᠠ ᠣᠳᠤᠬᠠᠨ ᠳ᠋ᠤ ᠪᠠᠨ ᠴᠢᠮᠡᠭᠦᠢ ᠰᠠᠢᠢᠨ ᠲᠡᠮᠡᠴᠡᠵᠦ ᠪᠠᠢᠢᠭ᠎ᠠ ᠪᠣᠯᠪᠠᠴᠤ ᠦᠨᠡᠨ ᠊ᠢ ᠬᠡᠯᠡᠬᠦ ᠳ᠋ᠦ ᠡᠨᠡ ᠠᠷᠭ᠎ᠠ ᠬᠡᠮᠵᠢᠶᠡᠨ ᠳ᠋ᠦ ᠠᠰᠤᠷᠤ ᠶᠡᠬᠡ ᠮᠥᠩᠭᠥ ᠤᠷᠤᠰᠬᠠᠵᠤ ᠪᠠᠢᠢᠨ᠎ᠠ᠃ ᠨᠥᠬᠥᠴᠡᠯ ᠪᠠᠢᠢᠳᠠᠯ ᠡᠨᠡ ᠬᠡᠪ ᠵᠢᠨᠷ ᠵᠢᠨᠨ ᠤᠳᠠᠪᠠᠯ ᠮᠠᠨ ᠪ ᠡᠳ᠋ ᠤᠨ ᠵᠠᠰᠠᠭ ᠡᠨᠡ ᠶᠡᠬᠡ ᠠᠴᠢᠶᠠᠯᠠᠯ ᠊ᠢ ᠤᠳᠠᠭᠠᠨ ᠳᠠᠭᠠᠭᠠᠬᠤ ᠦᠭᠡᠢ ᠨᠢ ᠣᠢᠢᠯᠠᠭᠠᠮᠵᠢᠲᠠᠢ᠃ ᠡᠭᠦᠨ ᠪ ᠳᠡᠭᠡᠷ᠎ᠡ ᠡᠴᠡ ᠳᠡᠯᠡᠬᠡᠢ ᠳᠠᠶᠠᠭᠠᠷ ᠬᠢᠮᠤᠷᠠᠯ ᠪᠣᠯᠵᠤ ᠂ ᠡᠳ᠋ ᠤᠨ ᠵᠠᠰᠠᠭ ᠤᠨ ᠪᠣᠯᠤᠨ ᠯᠤᠵᠢᠰᠲ᠋ᠢᠺ ᠰᠢᠰᠲ᠋ᠧᠮ ᠡᠪᠳᠡᠷᠡᠵᠦ᠂ ᠡᠷᠦᠳᠡᠰᠦ ᠪᠠᠶᠠᠯᠢᠭ᠂ ᠲᠦᠭᠦᠬᠡᠢ ᠡᠳ᠋ ᠤᠨ ᠡᠷᠢᠯᠲᠡ ᠪᠠᠭᠤᠷᠠᠬᠤ ᠠᠪᠠᠰᠤ ᠶᠠᠭᠤ ᠪᠣᠯᠬᠤ ᠵᠢ ᠲᠥᠰᠦᠭᠡᠯᠡᠬᠦ ᠳ᠋ᠦ ᠪᠡᠷᠬᠡ᠃ ᠡᠢᠢᠮᠦ ᠡᠴᠡ ᠪᠢ ᠮᠤᠩᠭᠤᠯ ᠤᠯᠤᠰ ᠤᠨ ᠶᠡᠷᠦᠩᠬᠡᠢᠢᠯᠡᠭᠴᠢ ᠵᠢᠨ ᠬᠤᠪᠢ ᠳᠤ ᠤᠯᠤᠰ ᠨᠡᠢᠢᠲᠡ ᠪᠡᠷ ᠵᠢᠨᠨ ᠭᠠᠷᠴᠠᠭ᠎ᠠ ᠦᠭᠡᠢ ᠨᠢᠭᠤᠷᠯᠠᠨ ᠢᠷᠡᠭᠰᠡᠨ ᠳᠠᠶᠠᠭᠠᠷ ᠬᠢᠮᠤᠷᠠᠯ ᠳᠤ ᠪᠡᠯᠡᠳᠬᠡᠵᠦ᠂ ᠲᠡᠭᠦᠨ ᠊ᠢ ᠳᠠᠪᠠᠨ ᠲᠤᠭᠤᠯᠬᠤ ᠴᠤᠭᠴᠠ ᠠᠷᠭ᠎ᠠ ᠬᠡᠮᠵᠢᠶ᠎ᠡ ᠵᠢ ᠶᠠᠭᠠᠷᠠᠯ ᠲᠠᠢ ᠲᠥᠯᠦᠪᠯᠡᠵᠦ᠂ ᠬᠡᠷᠡᠭᠵᠢᠭᠦᠯᠵᠦ ᠡᠬᠢᠯᠡᠬᠦ ᠨᠢ ᠵᠦᠢᠲᠡᠢ ᠬᠡᠮᠡᠨ ᠦᠵᠡᠵᠦ ᠡᠨᠡ ᠤᠷᠢᠶᠠᠯᠠᠭ᠎ᠠ ᠵᠢ ᠭᠠᠷᠭᠠᠵᠤ ᠪᠠᠢᠢᠨ᠎ᠠ ᠃
ᠬᠡᠷᠪᠡ ᠪᠢᠳᠠ ᠡᠳ᠋ ᠤᠨ ᠵᠠᠰᠠᠭ ᠵᠢᠨᠨ ᠬᠢᠮᠤᠷᠠᠯ ᠤᠨ ᠨᠥᠬᠥᠴᠡᠯ ᠳ᠋ᠦ ᠵᠤᠬᠢᠴᠠᠭᠤᠯᠤᠨ ᠵᠥᠪ ᠵᠤᠬᠢᠶᠠᠨ ᠪᠠᠢᠢᠭᠤᠯᠵᠤ ᠴᠢᠳᠠᠪᠠᠯ ᠲᠡᠭᠦᠨ ᠊ᠢ ᠭᠠᠷᠤᠵᠠ ᠬᠤᠬᠢᠷᠠᠯ ᠪᠠᠭ᠎ᠠ ᠲᠠᠢ ᠳᠠᠪᠠᠨ ᠲᠤᠭᠤᠯᠬᠤ ᠪᠠᠶᠠᠯᠢᠭ᠂ ᠬᠥᠮᠦᠨ ᠬᠦᠴᠦ ᠂ ᠬᠥᠷᠦᠩᠭᠡ ᠵᠢᠨ ᠨᠥᠭᠡᠴᠡ ᠬᠠᠩᠭᠠᠯᠲᠠ ᠲᠠᠢ ᠪᠠᠢᠢᠭ᠎ᠠ ᠭᠡᠳᠡᠭ ᠊ᠢ ᠣᠨᠴᠠᠯᠠᠨ ᠳᠤᠷᠠᠳᠴᠤ ᠪᠠᠢᠢᠨ᠎ᠠ᠃ ᠮᠠᠨ ᠪ ᠤᠯᠤᠰ ᠲᠦ ᠪᠤᠰᠤᠳ ᠣᠷᠤᠨ ᠳᠤ ᠪᠣᠯᠳᠠᠭ ᠰᠢᠭ᠋ ᠶᠠᠭᠤ ᠶᠠᠭᠤ ᠦᠭᠡᠢ ᠥᠯᠦᠰᠬᠦᠯᠡᠩ ᠭᠠᠴᠢᠯᠠᠩ ᠪᠣᠯᠬᠤ ᠦᠭᠡᠢ ᠭᠡᠳᠡᠭ ᠲᠦ ᠪᠢ ᠢᠲᠡᠭᠡᠯ ᠲᠠᠢ ᠪᠠᠢᠢᠨ᠎ᠠ᠃ ᠬᠡᠳᠦᠢ ᠡᠢᠢᠮᠦ ᠴᠦ ᠪᠢᠳᠠ ᠪᠦᠬᠦᠨ ᠮᠤᠩᠭᠤᠯ ᠤᠨ ᠪᠤᠶᠠᠨ ᠊ᠢ ᠬᠢᠮᠠᠭᠠᠳᠠᠬᠤ ᠂ ᠬᠡᠮᠨᠡᠬᠦ᠂ ᠵᠤᠬᠢᠰᠲᠠᠢ ᠵᠠᠷᠤᠴᠠᠭᠤᠯᠬᠤ ᠴᠠᠭ ᠢᠷᠠᠵᠤ ᠪᠠᠢᠢᠨ᠎ᠠ᠃ ᠬᠢᠮᠤᠷᠠᠯ ᠬᠠᠶᠠᠭᠠᠨ ᠳᠦ ᠢᠷᠡᠭᠡᠳ ᠬᠠᠭᠠᠯᠭ᠎ᠠ ᠲᠤᠭᠰᠢᠵᠤ ᠪᠠᠢᠢᠬᠤ ᠳᠦ ᠮᠠᠨ ᠪ ᠤᠯᠤᠰ ᠲᠥᠷᠦ ᠵᠢᠨ ᠨᠠᠮ ᠤᠳ ᠶᠠᠮᠠᠷ ᠴᠦ ᠲᠤᠭᠠᠴᠠᠭ᠎ᠠ ᠰᠤᠳᠤᠯᠭᠠᠨ ᠦᠭᠡᠢ ᠠᠲᠠᠯ᠎ᠠ ᠰᠤᠩᠭᠤᠭᠤᠯᠢ ᠵᠢᠨ ᠲᠤᠮᠣ ᠲᠤᠮᠣ ᠮᠥᠩᠭᠥᠨ ᠠᠮᠠᠯᠠᠯᠲᠠ ᠥᠭᠴᠦ ᠪᠠᠢᠢᠭ᠎ᠠ ᠨᠢ ᠣᠷᠣ ᠦᠭᠡᠢ ᠬᠤᠳᠠᠯ ᠡᠴᠠ ᠭᠠᠳᠠᠨ᠎ᠠ ᠲᠡᠳᠡ ᠴᠠᠭ ᠦᠶ᠎ᠡ ᠪᠠᠨ ᠣᠭᠲᠣ ᠮᠡᠳᠡᠷᠡᠬᠦ ᠪᠡᠨ ᠪᠠᠢᠢᠭᠰᠠᠨ ᠪ ᠪᠠᠲᠤᠲᠠᠢ ᠰᠢᠨᠵᠢ ᠮᠥᠨ᠃ ᠮᠠᠨ ᠪ ᠤᠯᠤᠰ ᠲᠥᠷᠦ ᠵᠢᠨ ᠨᠠᠮ ᠬᠢᠭᠡᠳ ᠲᠡᠭᠦᠨ ᠪ ᠪᠠᠷᠤᠭ ᠪᠦᠬᠦ ᠤᠳᠤᠷᠢᠳᠤᠭᠴᠢᠳ ︽ᠤᠯᠤᠰ ᠲᠥᠷᠦ ᠵᠢᠨ ᠬᠢᠮᠤᠷᠠᠯ ᠨᠢᠭᠤᠷᠯᠠᠭᠰᠠᠨ︾ ᠭᠡᠵᠦ ᠳ᠋ᠦᠩᠨᠡᠭᠰᠡᠨ ᠨᠢ ᠰᠠᠶ᠋ᠢᠬᠠᠨ᠃ ᠡᠳᠦᠭᠡ ᠤᠯᠤᠰ ᠲᠥᠷᠦ ᠵᠢᠨ ᠬᠢᠮᠤᠷᠠᠯ ᠳᠡᠭᠡᠷ᠎ᠡ ᠡᠳ᠋ ᠤᠨ ᠵᠠᠰᠠᠭ ᠤᠨ ᠳᠠᠶᠠᠭᠠᠷ ᠬᠢᠮᠤᠷᠠᠯ ᠨᠡᠮᠡᠭᠳᠡᠵᠦ᠂ ᠳᠠᠪᠬᠤᠷ ᠬᠢᠮᠤᠷᠠᠯ ᠨᠢᠭᠤᠷᠯᠠᠭᠰᠠᠨ ᠨᠥᠬᠥᠴᠡᠯ ᠳ᠋ᠦ ᠮᠠᠨ ᠪ ᠤᠯᠤᠰ ᠲᠥᠷᠦ ᠵᠢᠨ ᠨᠠᠮ ᠤᠳ ᠠᠮᠠᠯᠠᠯᠲᠠ ᠵᠢᠨ ᠪᠢᠰᠢ᠂ ᠬᠢᠮᠤᠷᠠᠯ ᠊ᠢ ᠳᠠᠪᠠᠨ ᠲᠤᠭᠤᠯᠬᠤ ᠬᠥᠲᠦᠯᠪᠦᠷᠢ ᠭᠠᠷᠭᠠᠬᠤ ᠨᠢ ᠵᠦᠢᠲᠡᠢ ᠃ ᠨᠠᠮᠠᠶᠢ ᠤᠯᠤᠰ ᠲᠥᠷᠦ ᠵᠢᠨ ᠷᠧᠹᠥᠷᠮ ᠬᠢᠨ᠎ᠡ ᠭᠡᠬᠦ ᠳ᠋ᠦ ᠨᠠᠮ ᠤᠳ ᠳᠤᠷ᠎ᠠ ᠦᠭᠡᠢᠢᠴᠡᠵᠦ ᠪᠠᠢᠢᠭᠰᠠᠨ ᠠᠯᠳᠠᠭ᠎ᠠ ᠪᠠᠨ ᠳᠠᠬᠢᠨ ᠳᠠᠪᠲᠠᠬᠤ ᠦᠭᠡᠢ ᠭᠡᠵᠦ ᠨᠠᠢᠢᠳᠠᠵᠤ ᠪᠠᠢᠢᠨ᠎ᠠ᠃ ᠨᠡᠩ ᠲᠦᠷᠦᠭᠦᠨ ᠳ᠋ᠦ ᠳᠠᠷᠠᠭᠠᠬᠢ ᠠᠷᠭ᠎ᠠ ᠬᠡᠮᠵᠢᠶ᠎ᠡ ᠠᠪᠬᠤ ᠨᠢ ᠵᠦᠢᠲᠡᠢ ᠭᠡᠵᠦ ᠦᠵᠡᠵᠦ ᠪᠠᠢᠢᠨ᠎ᠠ᠄
1᠂ ᠶᠠᠭᠤᠨ ᠪ ᠡᠮᠦᠨ᠎ᠡ ᠤᠯᠤᠰ ᠤᠨ ᠲᠥᠰᠦᠪ ᠲᠦ ᠲᠤᠳᠤᠳᠬᠠᠯ ᠬᠢᠵᠦ ᠂ ᠰᠤᠩᠭᠤᠭᠤᠯᠢ ᠳᠤ ᠵᠤᠷᠢᠭᠤᠯᠤᠭᠰᠠᠨ ᠪᠣᠯᠤᠨ ᠲᠡᠪᠴᠢᠵᠦ ᠪᠣᠯᠬᠤ ᠪᠦᠬᠦ ᠵᠠᠷᠤᠳᠠᠯ ᠊ᠢ ᠲᠠᠨᠤᠵᠤ᠂ ᠡᠭᠦᠨ ᠡᠴᠡ ᠭᠠᠷᠤᠭᠰᠠᠨ ᠮᠥᠩᠭᠥ ᠵᠢ ᠬᠢᠮᠤᠷᠠᠯ ᠤᠨ ᠡᠰᠡᠷᠭᠦ ᠠᠷᠭ᠎ᠠ ᠬᠡᠮᠵᠢᠶᠡᠨ ᠳ᠋ᠦ ᠵᠠᠷᠤᠴᠠᠭᠤᠯᠬᠤ ᠃
2᠂ ᠡᠨᠡ ᠤᠳᠠᠭᠠᠨ ᠪ ᠤᠯᠤᠰ ᠤᠨ ᠶᠡᠬᠡ ᠬᠤᠷᠠᠯ ᠤᠨ ᠰᠤᠩᠭᠤᠭᠤᠯᠢ ᠵᠢ ᠬᠤᠢᠢᠰᠢᠯᠠᠭᠤᠯᠵᠤ᠂ ᠲᠡᠭᠦᠨ ᠳ᠋ᠦ ᠵᠠᠷᠤᠴᠠᠭᠤᠯᠬᠤ ᠬᠥᠷᠦᠩᠭᠡ ᠮᠥᠩᠭᠥ ᠵᠢ ᠬᠡᠮᠨᠡᠬᠦ ᠃
3᠂ ᠬᠢᠮᠤᠷᠠᠯ ᠤᠨ ᠦᠶ᠎ᠡ ᠳ᠋ᠦ ᠬᠠᠮᠤᠭ ᠬᠦᠨᠳᠦᠷᠡᠯ ᠪᠡᠷᠬᠡᠰᠢᠶᠡᠯ ᠊ᠢ ᠡᠭᠦᠷᠦᠨ ᠭᠠᠷᠬᠤ ᠦᠢᠯᠡᠳᠪᠦᠷᠢ ᠂ ᠠᠵᠤ ᠠᠬᠤᠢ ᠵᠢᠨ ᠨᠢᠭᠡᠴᠢ ᠂ ᠬᠤᠪᠢ ᠪᠡᠷ ᠵᠢᠨᠨ ᠬᠥᠳᠡᠯᠮᠦᠷᠢ ᠡᠷᠬᠢᠯᠡᠭᠴᠢᠳ ᠊ᠢ ᠳᠡᠮᠵᠢᠬᠦ ︽ᠬᠢᠮᠤᠷᠠᠯ ᠤᠨ ᠡᠰᠡᠷᠭᠦ︾ ᠲᠤᠰᠬᠠᠢ ᠰᠠᠩ ᠪᠦᠷᠢᠳᠦᠭᠦᠯᠬᠦ ᠂ ᠲᠡᠭᠦᠨ ᠊ᠢ ᠵᠠᠷᠤᠴᠠᠭᠤᠯᠬᠤ ᠳᠦᠷᠢᠮ ᠵᠢᠷᠤᠮ ᠪᠣᠯᠪᠠᠰᠤᠷᠠᠭᠤᠯᠬᠤ ᠃
4᠂ ᠨᠡᠢᠢᠲᠡ ᠢᠷᠭᠡᠳ᠂ ᠢᠯᠠᠩᠭᠤᠶ᠎ᠠ ᠬᠡᠦᠬᠡᠳ ᠤᠨ ᠠᠮᠢᠵᠢᠷᠠᠭᠠᠨ ᠪ ᠲᠦᠪᠰᠢᠨ ᠊ᠢ ᠬᠡᠪ ᠵᠢᠨᠷ ᠬᠠᠳᠠᠭᠠᠯᠠᠬᠤ᠂ ᠲᠡᠳᠬᠦᠬᠦ᠂ ᠠᠵᠢᠯ ᠦᠭᠡᠢᠢᠳᠡᠯ ᠊ᠢ ᠪᠠᠭᠤᠷᠠᠭᠤᠯᠬᠤ᠂ ᠲᠡᠭᠦᠨ ᠡᠴᠡ ᠢᠷᠡᠬᠦ ᠴᠤᠬᠢᠯᠲᠠ ᠵᠢ ᠵᠥᠭᠡᠯᠡᠷᠡᠭᠦᠯᠬᠦ ᠂ ᠢᠷᠭᠡᠳ ᠵᠢᠨᠨ ᠨᠠᠭᠠᠲᠤ ᠵᠠᠬ᠎ᠠ ᠵᠢᠨ ᠬᠡᠷᠡᠭᠴᠡᠭᠡᠲᠦ ᠵᠦᠢᠯᠡᠰ ᠵᠢᠨᠷ ᠲᠠᠰᠤᠷᠠᠯᠲᠠ ᠦᠭᠡᠢ ᠬᠠᠩᠭᠠᠬᠤ ᠠᠷᠭ᠎ᠠ ᠬᠡᠮᠵᠢᠶᠡᠨ ᠪ ᠲᠥᠯᠦᠪᠯᠡᠭᠡ ᠪᠣᠯᠪᠠᠰᠤᠷᠠᠭᠤᠯᠬᠤ ᠃
5᠂ ᠡᠨᠡ ᠠᠰᠠᠭᠤᠳᠠᠯ ᠊ᠢ ᠦᠨᠳᠦᠰᠦᠨ ᠪ ᠠᠶᠤᠯᠭᠦᠢ ᠪᠠᠢᠢᠳᠠᠯ ᠤᠨ ᠵᠥᠪᠯᠡᠯ ᠵᠢᠨᠷ ᠬᠡᠯᠡᠯᠴᠡᠵᠦ᠂ ᠬᠢᠮᠤᠷᠠᠯ ᠳᠤ ᠪᠡᠯᠡᠳᠬᠡᠵᠦ᠂ ᠲᠡᠭᠦᠨ ᠊ᠢ ᠳᠠᠪᠠᠨ ᠲᠤᠭᠤᠯᠬᠤ ᠡᠷᠳᠡᠮᠲᠡᠨ ᠮᠡᠷᠭᠡᠵᠢᠯᠲᠡᠨ ᠡᠴᠡ ᠪᠦᠷᠢᠳᠦᠭᠰᠡᠨ ᠴᠤᠮᠬᠠᠨ ᠪᠥᠭᠡᠳ ᠴᠢᠳᠠᠪᠤᠷᠢᠯᠢᠭ ᠺᠣᠮᠢᠰ ︵ᠬᠤᠷᠢᠶ᠎ᠠ︶ ᠊ᠢ ᠨᠡᠩ ᠶᠠᠭᠠᠷᠠᠯ ᠲᠠᠢ ᠪᠠᠢᠢᠭᠤᠯᠵᠤ᠂ ᠠᠵᠢᠯ ᠤᠨ ᠲᠥᠯᠦᠪᠯᠡᠭᠡ᠂ ᠬᠤᠪᠢᠶᠠᠷᠢ ᠭᠠᠷᠭᠠᠬᠤ᠃
6᠂ ᠬᠢᠮᠤᠷᠠᠯ ᠤᠨ ᠨᠥᠬᠥᠴᠡᠯ ᠳ᠋ᠦ ᠵᠤᠬᠢᠴᠠᠭᠤᠯᠤᠨ ᠲᠥᠷᠦ ᠵᠢᠨ ᠤᠳᠤᠷᠢᠳᠤᠯᠭ᠎ᠠ ᠵᠢ ᠲᠥᠪᠯᠡᠷᠡᠭᠦᠯᠬᠦ ᠃ ᠲᠠᠰᠢᠷᠠᠮ ᠳᠦ ᠳᠤᠷᠠᠳᠬᠤ ᠳᠤ ᠂ ᠡᠨᠡ ᠪᠣᠯ ᠳᠠᠷᠤᠩᠭᠤᠢᠢᠯᠠᠯ ᠣᠭᠲᠤᠬᠠᠨ ᠴᠦ ᠪᠢᠰᠢ ᠂ ᠵᠠᠢᠢᠯᠠᠰᠢ ᠦᠭᠡᠢ ᠠᠪᠬᠤ ᠱᠠᠭᠠᠷᠳᠠᠯᠭ᠎ᠠ ᠲᠠᠢ ᠠᠷᠭ᠎ᠠ ᠬᠡᠮᠵᠢᠶ᠎ᠡ ᠶᠤᠮ᠃ ᠪᠢ ᠠᠷᠠᠳ ᠲᠦᠮᠡᠨ ᠵᠢᠨᠨ ᠬᠢᠮᠤᠷᠠᠯ ᠵᠢᠨᠷ ᠠᠶᠤᠯᠭᠠᠵᠤ ᠪᠠᠢᠢᠭ᠎ᠠ ᠶᠤᠮ ᠪᠢᠰᠢ᠃ ᠬᠠᠷᠢᠨ ᠭᠠᠷᠴᠠᠭ᠎ᠠ ᠦᠭᠡᠢ ᠨᠢᠭᠤᠷᠯᠠᠨ ᠢᠷᠡᠭᠰᠡᠨ ᠠᠶᠤᠯ ᠊ᠢ ᠰᠥᠷᠦᠨ ᠵᠤᠭᠰᠤᠬᠤ ᠂ ᠬᠤᠬᠢᠷᠠᠯ ᠪᠠᠭ᠎ᠠ ᠲᠠᠢ ᠳᠠᠪᠠᠨ ᠲᠤᠭᠤᠯᠬᠤ ᠲᠤᠬᠠᠢ ᠪᠣᠳᠠᠲᠤ ᠦᠨᠡᠨ ᠊ᠢ ᠯᠡ ᠶᠠᠷᠢᠵᠤ ᠪᠠᠢᠢᠨ᠎ᠠ᠃
ᠠᠯᠢᠪᠠ ᠬᠢᠮᠤᠷᠠᠯ ᠊ᠢ ᠵᠥᠪᠬᠡᠨ ᠬᠠᠷ᠎ᠠ ᠠᠮᠢ ᠪᠠᠨ ᠪᠣᠳᠤᠵᠤ ᠂ ᠭᠠᠭᠴᠠ ᠭᠠᠭᠴᠠᠭᠠᠷ ᠵᠢᠨᠨ ᠳᠠᠪᠠᠨ ᠲᠤᠭᠤᠯᠬᠤ ᠭᠡᠪᠡᠯ ᠶᠡᠬᠡ ᠡᠨᠳᠡᠭᠦᠷᠡᠯ ᠪᠠᠢᠢᠳᠠᠭ ᠊ᠢ ᠳᠡᠯᠡᠬᠡᠢ ᠵᠢᠨ ᠲᠡᠦᠬᠡ ᠬᠠᠷᠠᠭᠤᠯᠳᠠᠭ᠃ ᠬᠢᠮᠤᠷᠠᠯ ᠊ᠢ ᠳᠠᠪᠠᠨ ᠲᠤᠭᠤᠯᠬᠤ ᠴᠤᠷ ᠤᠨ ᠭᠠᠭᠴᠠ ᠠᠷᠭ᠎ᠠ ᠨᠢ ᠡᠪ ᠨᠢᠭᠡᠳᠦᠯ ᠲᠠᠢ᠂ ᠵᠤᠬᠢᠶᠠᠨ ᠪᠠᠢᠢᠭᠤᠯᠤᠯᠲᠠ ᠲᠠᠢ᠂ ᠰᠠᠬᠢᠯᠭ᠎ᠠ ᠬᠠᠷᠢᠭᠤᠴᠠᠯᠭ᠎ᠠ ᠲᠠᠢ᠂ ᠲᠥᠪᠯᠡᠷᠡᠭᠰᠡᠨ ᠤᠳᠤᠷᠢᠳᠤᠯᠭ᠎ᠠ ᠲᠠᠢ ᠪᠠᠢᠢᠵᠤ᠂ ᠪᠦᠬᠦ ᠨᠡᠢᠢᠲᠡ ᠪᠡᠷ ᠵᠢᠨᠨ ᠬᠦᠴᠦ ᠪᠡᠨ ᠨᠡᠢᠢᠯᠡᠭᠦᠯᠦᠨ ᠬᠠᠮᠲᠤᠷᠠᠨ ᠠᠵᠢᠯᠯᠠᠬᠤ ᠶᠠᠪᠤᠳᠠᠯ ᠮᠥᠨ᠃ ᠨᠠᠭᠠᠲᠤ ᠵᠠᠬ᠎ᠠ ᠨᠢ ᠮᠠᠨ ᠪ ᠢᠷᠭᠡᠳ ᠲᠠᠩᠰᠤᠭ ᠬᠡᠷᠡᠭᠯᠡᠭᠡ ᠪᠡᠨ ᠪᠠᠭᠠᠰᠬᠠᠵᠤ᠂ ᠬᠡᠷᠡᠭᠯᠡᠭᠡ ᠪᠡᠨ ᠵᠤᠬᠢᠰᠲᠠᠢ ᠪᠠᠭ᠎ᠠ ᠲᠦᠪᠰᠢᠨ ᠳ᠋ᠦ ᠬᠡᠰᠡᠭ ᠬᠤᠭᠤᠴᠠᠭᠠᠨ ᠳᠤ ᠪᠠᠷᠢᠬᠤ ᠳ᠋ᠤ ᠯᠡ ᠠᠰᠤᠷᠤ ᠶᠡᠬᠡ ᠬᠥᠷᠦᠩᠭᠡ ᠬᠡᠮᠨᠡᠵᠦ ᠪᠣᠯᠤᠨ᠎ᠠ ᠃
ᠬᠢᠮᠤᠷᠠᠯ ᠊ᠢ ᠳᠠᠪᠠᠨ ᠲᠤᠭᠤᠯᠬᠤ ᠲᠤᠬᠠᠢ ᠡᠯ᠎ᠡ ᠠᠰᠠᠭᠤᠳᠠᠯ ᠊ᠢ ᠣᠢᠢᠷ᠎ᠠ ᠵᠢᠨ ᠬᠤᠭᠤᠴᠠᠭᠠᠨ ᠳᠤ ᠤᠯᠤᠰ ᠤᠨ ᠶᠡᠬᠡ ᠬᠤᠷᠠᠯ ᠂ ᠵᠠᠰᠠᠭ ᠤᠨ ᠭᠠᠵᠠᠷ᠂ ᠦᠨᠳᠦᠰᠦᠨ ᠪ ᠠᠶᠤᠯᠭᠦᠢ ᠪᠠᠢᠢᠳᠠᠯ ᠤᠨ ᠵᠥᠪᠯᠡᠯ ᠵᠢᠨᠷ ᠶᠠᠷᠢᠵᠤ ᠰᠢᠢᠳᠴᠤ ᠪᠣᠯᠤᠨ᠎ᠠ᠂ ᠲᠡᠭᠡᠬᠦ ᠴᠦ ᠪᠠᠶᠢᠬᠤ᠃ ᠭᠡᠬᠦ ᠳ᠋ᠦ ᠪᠡᠨ ᠡᠢᠢᠮᠦ ᠲᠤᠮᠣ᠂ ᠨᠤᠴᠢᠲᠠᠢ ᠠᠰᠠᠭᠤᠳᠠᠯ ᠊ᠢ ᠠᠷᠠᠳ ᠲᠦᠮᠡᠨ ᠳ᠋ᠡᠬᠡᠨ ᠳᠤᠭᠤᠯᠭᠠᠬᠤ ᠦᠭᠡᠢ ᠬᠢᠬᠦ ᠨᠢ ᠲᠤᠩ ᠵᠤᠬᠢᠰ ᠦᠭᠡᠢ ᠶᠠᠪᠤᠳᠠᠯ ᠭᠡᠵᠦ ᠦᠵᠡᠭᠰᠡᠨ ᠪ ᠤᠴᠢᠷ ᠡᠨᠡ ᠤᠷᠢᠶᠠᠯᠠᠭ᠎ᠠ ᠵᠢ ᠭᠠᠷᠭᠠᠵᠤ ᠪᠠᠢᠢᠨ᠎ᠠ ᠃ ᠪᠢᠳᠠ ᠪᠦᠬᠦᠨ ᠬᠠᠮᠲᠤ ᠳ᠋ᠤ ᠪᠠᠨ ᠬᠦᠨᠳᠦᠷᠡᠯ ᠪᠡᠷᠬᠡᠰᠢᠶᠡᠯ ᠊ᠢ ᠳᠠᠪᠠᠨ ᠲᠤᠭᠤᠯᠵᠤ ᠴᠢᠳᠠᠨ᠎ᠠ︕ᠮᠥᠩᠬᠡ ᠲᠡᠭᠷᠢ ᠵᠢᠨ ᠬᠦᠴᠦᠨ ᠳ᠋ᠤᠷ ᠮᠤᠩᠭᠤᠯ ᠤᠨ ᠠᠭᠤᠳᠠᠮ ᠨᠤᠲᠤᠭ ᠲᠤ ᠡᠷᠡᠭᠦᠯ ᠡᠩᠬᠡ᠂ ᠡᠯᠢᠭᠡ ᠪᠦᠲᠦᠨ ᠠᠮᠢᠳᠤᠷᠠᠯ ᠥᠨᠢᠳᠡ ᠣᠷᠤᠰᠢᠭ ᠭᠡᠵᠡᠢ ᠃