ᠮᠤᠩᠭᠤᠯ ᠤᠨ ᠨᠡᠭᠦᠷᠡᠰᠦ ᠡᠺᠰᠫᠣᠷᠲ ᠤᠨ ᠭᠤᠤᠯ ᠰᠤᠪᠠᠭ ᠭᠠᠰᠢᠭᠤᠨ ᠰᠤᠬᠠᠢᠢᠲᠤ ᠪᠣᠭᠤᠮᠲᠠ ᠪᠡᠷ ᠨᠡᠭᠦᠷᠡᠰᠦᠨ ᠪ ᠡᠺᠰᠫᠣᠷᠲ ᠥᠨᠦᠳᠦᠷ ᠡᠴᠡ ᠠᠯᠪᠠᠨ ᠶᠤᠰᠣ ᠪᠡᠷ ᠡᠬᠢᠯᠡᠵᠦ ᠪᠠᠢᠢᠨ᠎ᠠ᠃ ᠲᠤᠰ ᠪᠣᠭᠤᠮᠲᠠ ᠪᠡᠷ ᠬᠤᠶᠠᠳᠤᠭᠠᠷ ᠰᠠᠷ᠎ᠠ ᠵᠢᠨ 10 ᠡᠴᠠ ᠬᠤᠢᠢᠰᠢ ᠪᠤᠶᠤ ᠰᠠᠷ᠎ᠠ ᠬᠠᠭᠠᠰ ᠤᠨ ᠬᠤᠭᠤᠴᠠᠭᠠᠨ ᠳᠤ ᠨᠡᠭᠦᠷᠡᠰᠦᠨ ᠪ ᠡᠺᠰᠫᠣᠷᠲ ᠲᠠᠰᠤᠯᠳᠠᠭᠰᠠᠨ ᠶᠤᠮ ᠃
ᠡᠬᠢᠨ ᠪ ᠡᠭᠡᠯᠵᠢᠨ ᠳ᠋ᠦ ᠭᠠᠰᠢᠭᠤᠨ ᠰᠤᠬᠠᠢᠢᠲᠤ ᠪᠣᠭᠤᠮᠲᠠ ᠪᠡᠷ ᠡᠳᠦᠷ ᠲᠦ 70 ᠮᠠᠰᠢᠨ ᠭᠠᠷᠭᠠᠬᠤ ᠪᠠᠷ ᠲᠥᠯᠦᠪᠯᠡᠵᠡᠢ ᠃ ᠨᠡᠭᠦᠷᠡᠰᠦᠨ ᠪ ᠡᠺᠰᠫᠣᠷᠲ ᠊ᠢ ᠭᠠᠭᠴᠠ ᠬᠦ ᠴᠢᠩᠭᠡᠯᠢᠭ ᠲᠡᠭᠡᠭᠡᠪᠦᠷᠢ ᠪᠡᠷ ᠬᠢᠬᠦ ᠳ᠋ᠦ ᠪᠡᠨ ᠨᠢᠭᠡ ᠮᠠᠰᠢᠨ ᠳ᠋ᠤ ᠳᠤᠮᠳᠠᠴᠢ ᠪᠡᠷ 80 ᠲᠤᠨ ᠨᠡᠭᠦᠷᠡᠰᠦ ᠠᠴᠢᠨ᠎ᠠ ᠭᠡᠳᠡᠭ ᠊ᠢ ᠭᠠᠰᠢᠭᠤᠨ ᠰᠤᠬᠠᠢᠢᠲᠤ ᠪᠣᠭᠤᠮᠲᠠ ᠵᠢᠨ ᠭᠠᠵᠠᠷ ᠮᠡᠳᠡᠭᠡᠯᠡᠯ᠎ᠡ᠃ ᠴᠢᠩᠭᠡᠯᠢᠭ ᠲᠡᠭᠡᠭᠡᠪᠦᠷᠢ ᠪᠡᠷ ᠨᠡᠭᠦᠷᠡᠰᠦᠨ ᠪ ᠡᠺᠰᠫᠣᠷᠲ ᠬᠢᠬᠦ ᠳ᠋ᠦ ᠪᠡᠨ ᠵᠢᠯᠤᠭᠤᠴᠢ ᠮᠠᠰᠢᠨ ᠡᠴᠠ ᠪᠠᠭᠤᠵᠤ᠂ ᠰᠠᠭᠤᠬᠤ ᠱᠠᠭᠠᠷᠳᠠᠯᠭ᠎ᠠ ᠦᠭᠡᠢ ᠲᠡᠳᠦᠢ ᠦᠭᠡᠢ ᠬᠢᠲᠠᠳ ᠤᠨ ᠲᠠᠯ᠎ᠠ ᠳᠤ ᠨᠡᠭᠦᠷᠡᠰᠦ ᠲᠠᠢ ᠴᠢᠩᠭᠡᠯᠢᠭ ᠢ ᠬᠤᠭᠤᠰᠤᠨ ᠴᠢᠩᠭᠡᠯᠢᠭ ᠢᠶᠡᠷ ᠰᠢᠭᠤᠳ ᠰᠤᠯᠢᠬᠤ ᠶᠤᠮ ᠃ ᠠᠯᠪᠠᠨ ᠶᠤᠰᠤᠨ ᠪ ᠡᠺᠰᠫᠣᠷᠲ ᠡᠬᠢᠯᠡᠭᠦᠯᠬᠦ ᠡᠴᠡ ᠡᠮᠦᠨ᠎ᠡ ᠥᠩᠭᠡᠷᠡᠭᠰᠡᠨ ᠪᠢᠮᠪᠠ ᠭᠠᠷᠠᠭ ︵03.21︶ ᠲᠤ ᠲᠤᠷᠰᠢᠯᠲᠠ ᠪᠠᠷ ᠴᠥᠭᠡᠨ ᠲᠤᠭᠠᠨ ᠪ ᠮᠠᠰᠢᠨ ᠭᠠᠷᠴᠠᠢ ᠃