ᠮᠡᠷᠭᠡᠵᠢᠯ ᠤᠨ ᠤᠷᠠᠯᠢᠭ ᠤᠨ ᠪᠠᠢᠢᠭᠤᠯᠭ᠎ᠠ ᠵᠢᠨ ᠪᠣᠳᠤᠯᠭ᠎ᠠ ᠵᠢᠨ ᠬᠦᠷᠢᠶᠡᠨ ᠳ᠋ᠦ ᠶᠡᠷᠦᠩᠬᠡᠢ ᠰᠠᠢᠢᠳ ᠤ᠊ ·ᠬᠦᠷᠡᠯᠰᠦ᠋ᠬᠡ ᠦᠨᠳᠦᠰᠦᠨ ᠪ ᠥᠪ ᠰᠤᠶᠤᠯ ᠂ ᠲᠡᠦᠬᠡ ᠤᠯᠠᠮᠵᠢᠯᠠᠯ ᠊ᠢ ᠢᠯᠡᠷᠬᠡᠢᠢᠯᠡᠭᠰᠡᠨ ᠰᠢᠯᠢᠳᠡᠭ ᠪᠦᠲᠦᠭᠡᠯ ᠨᠡᠢᠢᠲᠡ ᠳ᠋ᠦ ᠬᠦᠷᠭᠡᠬᠦ ᠵᠤᠷᠢᠯᠭ᠎ᠠ ᠲᠠᠢ ᠤᠷᠢᠶᠠᠯᠠᠭ᠎ᠠ ᠵᠢ ᠳᠡᠮᠵᠢᠨ ︽ᠴᠠᠭᠠᠨ ᠯᠠᠪᠠᠢ ᠴᠢᠭᠤᠯᠭ᠎ᠠ︾ ᠤᠷᠠᠨ ᠪᠦᠲᠦᠭᠡᠯ ᠊ᠢ ᠲᠧᠭᠨᠤᠯᠤᠭᠢ ᠵᠢᠨ ᠳᠡᠪᠰᠢᠯ ᠠᠰᠢᠭᠯᠠᠨ ᠬᠡᠦᠬᠡᠳ ᠤᠳ ᠲᠤ ᠬᠦᠷᠭᠡᠵᠦ ᠪᠠᠢᠢᠭ᠎ᠠ ᠪᠢᠯᠡ ᠃ ᠲᠤᠳᠤᠷᠠᠭᠤᠯᠪᠠᠯ ᠂ ᠮᠤᠩᠭᠤᠯ ᠠᠷᠠᠳ ᠤᠨ ᠦᠯᠢᠭᠡᠷ ᠡᠴᠡ ᠰᠡᠳᠦᠪᠯᠡᠭᠰᠡᠨ ︽ᠮᠢᠨᠤ ᠰᠡᠴᠡᠨ ᠬᠤᠷᠠᠭ᠎ᠠ︾ ᠬᠡᠦᠬᠡᠳ ᠤᠨ ᠳᠠᠭᠤᠯᠠᠯᠲᠤ ᠪᠦᠵᠢᠭ ᠦᠨ ᠵᠦᠴᠦᠭᠡ ᠭᠤᠷᠪᠠᠳᠤᠭᠠᠷ ᠰᠠᠷ᠎ᠠ ᠶᠢᠨ 17 ᠡᠴᠡ ᠡᠬᠢᠯᠡᠨ ᠪᠦᠬᠦ IPTV ᠸᠢᠳᠢᠣ᠋ ᠰᠠᠩ ᠳᠦ ᠪᠠᠢᠢᠷᠢᠰᠢᠨ ᠦᠵᠡᠭᠴᠢᠳ ᠤᠨ ᠬᠦᠷᠲᠡᠭᠡᠯ ᠪᠣᠯᠤᠭᠠᠳ ᠪᠤᠢ ᠃
ᠵᠦᠴᠦᠭᠡ ᠵᠢᠨ ᠬᠥᠭᠵᠢᠮ ᠤᠨ ᠵᠤᠬᠢᠶᠠᠯᠴᠢ ᠪᠠᠷ ᠵᠠᠯᠠᠭᠤ ᠤᠷᠠᠨ ᠪᠦᠲᠦᠭᠡᠯᠴᠢ ᠣ᠊·ᠴᠢᠩᠪᠠᠲᠤ ᠠᠵᠢᠯᠯᠠᠭᠰᠠᠨ ᠪᠥᠭᠡᠳ ︽ ᠮᠢᠨᠤ ᠰᠡᠴᠡᠨ ᠬᠤᠷᠠᠭ᠎ᠠ ︾ ᠬᠡᠦᠬᠡᠳ ᠤᠨ ᠳᠠᠭᠤᠯᠠᠯᠲᠤ ᠪᠦᠵᠢᠭ ᠦᠨ ᠵᠦᠴᠦᠭᠡ ᠵᠢᠨ ᠳᠠᠭᠤᠤ ᠵᠢ ᠠ᠊·ᠡᠨᠵᠢ ᠥᠬᠢᠨ ᠳᠠᠭᠤᠯᠠᠵᠠᠢ ᠃ ᠲᠡᠭᠦᠨᠴᠢᠯᠡᠨ ᠡᠨᠡ ᠬᠦ ᠤᠷᠠᠨ ᠪᠦᠲᠦᠭᠡᠯ ᠤᠨ ᠬᠦᠷᠢᠶᠡᠨ ᠳ᠋ᠦ ᠬᠡᠦᠬᠡᠳ ᠲᠦ ᠵᠤᠷᠢᠭᠤᠯᠤᠭᠰᠠᠨ ᠦᠨᠳᠦᠰᠦᠨ ᠪ ᠳᠠᠭᠤᠤ ᠶᠢᠨ ᠤᠷᠤᠯᠳᠤᠭᠠᠨ ᠊ᠢ ᠵᠤᠬᠢᠶᠠᠨ ᠪᠠᠢᠢᠭᠤᠯᠬᠤ ᠭᠡᠵᠦ ᠪᠤᠢ ᠲᠤᠯᠠ ᠬᠡᠦᠬᠡᠳ ᠪᠠᠭᠠᠴᠤᠳ ᠊ᠢ ᠬᠢᠵᠠᠭᠠᠷᠯᠠᠯᠲᠠ ᠵᠢᠨ ᠬᠤᠭᠤᠴᠠᠭᠠᠨ ᠳᠦ ᠭᠡᠷ ᠲᠤ ᠪᠠᠨ ᠪᠠᠢᠢᠬᠤ ᠦᠶ᠎ᠡ ᠳ᠋ᠦ ᠪᠡᠨ ᠵᠦᠴᠦᠭᠡ ᠪᠡᠨ ᠦᠵᠡᠵᠦ ᠂ ᠳᠠᠭᠤᠤ ᠵᠢ ᠨᠢ ᠰᠤᠷᠬᠤ ᠵᠢ ᠤᠷᠢᠶᠠᠯᠠᠵᠠᠢ ᠃