1940 ᠣᠨ ᠪ ᠵᠤᠨ ᠪᠣᠯᠤᠨ ᠡᠪᠦᠯ ᠤᠨ ᠣᠯᠢᠮᠫᠢᠺ ᠤᠨ ᠨᠠᠭᠠᠳᠤᠮ ᠊ᠢ ᠶᠠᠫᠤᠨ ᠤᠯᠤᠰ ᠲᠤᠤᠺᠢᠣ᠋ ᠂ ᠰᠠᠫᠫᠤᠷᠤ᠋ ᠬᠤᠲᠠ ᠳᠤ ᠵᠤᠬᠢᠶᠠᠨ ᠪᠠᠢᠢᠭᠤᠯᠬᠤ ᠡᠷᠬᠡ ᠠᠪᠴᠤ ᠪᠠᠢᠢᠭᠰᠠᠨ ᠴᠦ ᠳᠡᠯᠡᠬᠡᠢ ᠵᠢᠨ ᠬᠤᠶᠠᠳᠤᠭᠠᠷ ᠳᠠᠢᠢᠨ ᠪ ᠤᠯᠠᠮ ᠡᠴᠠ ᠴᠤᠴᠠᠯᠠᠭᠳᠠᠵᠤ ᠪᠠᠢᠢᠵᠠᠢ ᠃ ᠡᠭᠦᠨ ᠡᠴᠡ 40 ᠵᠢᠯ ᠤᠨ ᠳᠠᠷᠠᠭ᠎ᠠ 1980 ᠣᠨ ᠳᠤ ᠮᠤᠰᠺᠸᠠ ᠬᠤᠲᠠ ᠳᠤ ᠪᠣᠯᠤᠭᠰᠠᠨ ᠵᠤᠨ ᠪ ᠣᠯᠢᠮᠫᠢᠺ ᠤᠨ ᠨᠠᠭᠠᠳᠤᠮ ᠊ᠢ ᠺᠠᠫᠢᠲ᠋ᠠᠯᠢᠰᠲ ᠣᠷᠤᠨ ᠨᠤᠭᠤᠳ ᠡᠰᠡᠷᠭᠦᠴᠡᠵᠤ ᠂ ᠣᠷᠤᠯᠴᠠᠭ᠎ᠠ ᠦᠭᠡᠢ ᠶᠤᠮ ᠃ ᠲᠡᠭᠡᠪᠡᠯ ᠳᠠᠬᠢᠭᠠᠳ 40 ᠵᠢᠯ ᠤᠨ ᠳᠠᠷᠠᠭ᠎ᠠ ᠲᠤᠤᠺᠢᠣ᠋ ᠬᠤᠲᠠ ᠳᠤ ᠪᠣᠯᠬᠤ ᠵᠤᠨ ᠪ ᠣᠯᠢᠮᠫᠢᠺ ᠤᠨ ᠨᠠᠭᠠᠳᠤᠮ ᠰᠢᠨ᠎ᠡ ᠺᠣᠷᠤᠨᠠ ᠸᠢᠷᠦ᠋ᠰ ᠦᠨ ᠲᠠᠬᠤᠯ ᠡᠴᠠ ᠰᠢᠯᠲᠠᠭᠠᠯᠠᠨ ᠬᠤᠢᠢᠰᠢᠯᠠᠬᠤ ᠂ ᠡᠰᠡᠪᠡᠯ ᠴᠤᠴᠠᠯᠠᠭᠳᠠᠵᠤ ᠪᠣᠯᠵᠤᠰᠢ ᠦᠭᠡᠢ ᠪᠠᠢᠢᠭ᠎ᠠ ᠪᠢᠯᠡ ᠃
ᠥᠴᠦᠭᠡᠳᠦᠷ ᠶᠠᠫᠤᠨ ᠪ ᠫᠠᠷᠯᠠᠮᠧᠨᠲ ᠤᠨ ᠪᠠᠢᠢᠩᠭᠤ ᠵᠢᠨ ᠬᠤᠷᠢᠶᠠᠨ ᠳᠤ ᠦᠭᠡ ᠬᠡᠯᠡᠬᠦ ᠳ᠋ᠦ ᠪᠡᠨ ᠲᠤᠰ ᠤᠯᠤᠰ ᠤᠨ ᠰᠠᠩ ᠤᠨ ᠰᠠᠢᠢᠳ ᠲᠠᠷᠤ᠋ ᠠᠰᠤ᠋᠄ ︽40 ᠵᠢᠯ ᠲᠤᠲᠤᠮ ᠳᠤ ᠶᠠᠮᠠᠷ ᠨᠢᠭᠡ ᠠᠰᠠᠭᠤᠳᠠᠯ ᠲᠤᠬᠢᠶᠠᠯᠳᠤᠳᠠᠭ ᠃ ᠡᠨᠡ ᠪᠣᠯ ᠬᠠᠷᠢᠶᠠᠯ ᠬᠦᠷᠦᠭᠰᠡᠨ ᠣᠯᠢᠮᠫᠢᠺ ᠃ ᠪᠣᠳᠠᠲᠤ ᠪᠠᠷᠢᠮᠲᠠ ᠡᠢᠢᠮᠦ ᠪᠠᠢᠢᠨ᠎ᠠ︾ ᠭᠡᠵᠦ ᠬᠡᠯᠡᠵᠡᠢ᠃ ᠡᠮᠦᠨ᠎ᠡ ᠨᠢ ᠶᠡᠷᠦᠩᠬᠡᠢ ᠰᠠᠢᠢᠳ ᠵᠢᠨᠷ ᠠᠵᠢᠯᠯᠠᠵᠤ ᠪᠠᠢᠢᠭᠰᠠᠨ ᠂ ᠣᠳᠣ ᠵᠢᠨ ᠶᠡᠷᠦᠩᠬᠡᠢ ᠰᠠᠢᠢᠳ ᠠᠪᠸ ᠰᠢᠨᠽᠤ᠋ ᠶᠢᠨ ᠪᠠᠷᠠᠭᠤᠨ ᠭᠠᠷ ᠭᠡᠭᠳᠡᠳᠡᠭ ᠲᠠᠷᠤ᠋ ᠠᠰᠤ᠋ ᠵᠠᠳᠠᠭᠠᠢ ᠶᠠᠷᠢᠶ᠎ᠠ ᠲᠠᠢ ᠪᠠᠷ ᠵᠢᠨᠨ ᠠᠯᠳᠠᠷᠲᠠᠢ᠃ ᠡᠨᠡ ᠡᠴᠡ ᠪᠡᠨ ᠪᠣᠯᠵᠤ ᠬᠡᠯᠡ ᠠᠮᠠᠨ ᠳᠦ ᠪᠠᠢᠢᠩᠭᠤ ᠣᠷᠢᠶᠠᠭᠳᠠᠵᠤ ᠪᠠᠶᠢᠭᠰᠠᠨ ᠶᠤᠮ ᠃