ᠦᠵᠦᠮᠦᠴᠢᠨ ᠠᠷᠠᠳ ᠤᠨ ︽ᠠᠯᠲᠠᠨ ᠳᠥᠷᠦᠭᠡ ︾ ᠣᠯᠠᠨ ᠤᠯᠤᠰ ᠤᠨ ᠨᠠᠭᠠᠳᠤᠮ ᠊ᠢ ᠢᠷᠡᠬᠦ ᠵᠤᠨ ᠪ ᠳᠤᠯᠤᠳᠤᠭᠠᠷ ᠰᠠᠷ᠎ᠠ ᠵᠢᠨ 29 ᠂ 30 ᠳᠤ ᠲᠡᠮᠳᠡᠭᠯᠡᠬᠦ ᠪᠡᠷ ᠲᠥᠯᠦᠪᠯᠡᠵᠦ ᠪᠠᠢᠢᠨ᠎ᠠ ᠃
ᠡᠨᠡ ᠬᠦ ᠨᠠᠭᠠᠳᠤᠮ ᠨᠢ ᠦᠵᠦᠮᠦᠴᠢᠨ ᠠᠷᠠᠳ ᠤᠨ ᠤᠯᠠᠮᠵᠢᠯᠠᠯᠲᠤ ᠤᠷᠠᠯᠢᠭ᠂ ᠰᠤᠶᠤᠯ ᠤᠨ ᠰᠠᠩ ᠊ᠢ ᠪᠠᠶᠠᠵᠢᠭᠤᠯᠬᠤ ᠂ ᠦᠵᠦᠮᠦᠴᠢᠨ ᠵᠠᠩ ᠦᠢᠯᠡ ᠵᠢᠨ ᠳᠠᠪᠲᠠᠭᠳᠠᠰᠢ ᠦᠭᠡᠢ ᠥᠪ ᠊ᠢ ᠰᠡᠷᠭᠦᠭᠡᠨ ᠳᠡᠯᠭᠡᠷᠡᠭᠦᠯᠬᠦ᠂ ᠬᠤᠢᠢᠴᠢ ᠦᠶ᠎ᠡ ᠳ᠋ᠦ ᠪᠡᠨ ᠥᠪᠯᠡᠭᠦᠯᠤᠨ ᠰᠤᠷᠲᠠᠯᠴᠢᠯᠠᠬᠤ ᠵᠤᠷᠢᠯᠭ᠎ᠠ ᠲᠠᠢ᠃ ︽ᠠᠯᠲᠠᠨ ᠳᠥᠷᠦᠭᠡ︾ ᠨᠠᠭᠠᠳᠤᠮ ᠊ᠢ 2005 ᠣᠨ ᠡᠴᠠ ᠡᠬᠢᠯᠡᠨ ᠭᠤᠷᠪᠠᠨ ᠵᠢᠯ ᠲᠤᠲᠤᠮ ᠳᠤ ᠲᠡᠮᠳᠡᠭᠯᠡᠵᠦ ᠪᠠᠢᠢᠭ᠎ᠠ ᠶᠤᠮ ᠃
ᠳᠤᠷᠤᠨᠠᠲᠤ ᠠᠢᠢᠮᠠᠭ ᠤᠨ ᠰᠡᠷᠭᠦᠯᠡᠩ ᠰᠤᠮᠤᠨ ᠳᠤ ᠦᠵᠦᠮᠦᠴᠢᠨ ᠶᠠᠰᠤᠲᠠᠨ ᠲᠥᠪᠯᠡᠷᠡᠨ ᠰᠠᠭᠤᠷᠢᠰᠢᠳᠠᠭ ᠃ ᠦᠵᠦᠮᠦᠴᠢᠨ ᠶᠠᠰᠤᠲᠠᠳ ᠣᠯᠠᠨ ᠵᠠᠭᠤᠨ ᠪ ᠲᠡᠷᠲᠡᠭᠡ ᠡᠴᠡ ᠮᠤᠩᠭᠤᠯ ᠲᠥᠷᠦ ᠪᠡᠨ ᠳᠡᠭᠡᠳᠦᠯᠡᠵᠦ ᠂ ᠶᠡᠬᠡ ᠡᠵᠡᠨ ᠴᠢᠩᠭᠢᠰ ᠬᠠᠭᠠᠨ ᠪ ᠪᠠᠨ ᠡᠮᠡᠭᠡᠯ ᠤᠨ ᠳᠥᠷᠦᠭᠡ ᠵᠢ ᠰᠦᠯᠳᠡ ᠰᠢᠲᠦᠭᠡᠨ ᠵᠢᠨᠨ ᠪᠣᠯᠭᠠᠨ ᠲᠠᠬᠢᠵᠤ ᠂ ᠵᠢᠯ ᠪᠦᠷᠢ ᠬᠤᠰᠢᠭᠤ ᠬᠤᠲᠠᠯᠠᠭᠠᠷ ᠵᠢᠨᠨ ᠴᠤᠭᠯᠠᠷᠠᠬᠤ ᠠᠭᠲᠠ ᠮᠤᠷᠢᠳ ᠵᠢᠨᠨ ᠰᠡᠲᠡᠷᠯᠡᠬᠦ ᠂ ᠡᠷ᠎ᠡ ᠵᠢᠨ ᠭᠤᠷᠪᠠᠨ ᠨᠠᠭᠠᠳᠤᠮ ᠬᠢᠬᠦ ᠵᠡᠷᠭᠡ ᠪᠡᠷ ᠬᠦᠨᠳᠦᠳᠬᠡᠯ ᠦᠵᠡᠭᠦᠯᠵᠦ ᠢᠷᠡᠭᠰᠡᠨ ᠲᠡᠦᠬᠡ ᠲᠠᠢ᠃ ᠲᠡᠢᠢᠮᠦ ᠴᠦ ᠤᠴᠢᠷ ᠡᠴᠠ ᠲᠡᠦᠬᠡ ᠵᠢ ᠰᠡᠷᠭᠦᠭᠡᠬᠦ ᠵᠤᠷᠢᠯᠭ᠎ᠠ ᠪᠡᠷ ᠨᠠᠭᠠᠳᠤᠮ ᠊ᠢ ︽ᠠᠯᠲᠠᠨ ᠳᠥᠷᠦᠭᠡ︾ ᠬᠡᠮᠡᠨ ᠨᠡᠷᠡᠯᠡᠵᠦ ᠂ ᠳᠠᠭᠤᠤ ᠬᠤᠭᠤᠷ ᠂ ᠤᠷᠠᠯᠢᠭ ᠤᠨ ᠨᠠᠭᠠᠳᠤᠮ ᠂ ᠪᠥᠬᠡ ᠵᠢᠨ ᠪᠠᠷᠢᠯᠳᠤᠭᠠᠨ ᠂ ᠬᠤᠷᠳᠤᠨ ᠪᠣᠯᠤᠨ ᠵᠢᠷᠤᠭ᠎ᠠ ᠮᠤᠷᠢᠨ ᠪ ᠤᠷᠤᠯᠳᠤᠭᠠᠨ ᠂ ᠦᠵᠦᠮᠦᠴᠢᠨ ᠰᠤᠷ ᠤᠨ ᠬᠠᠷᠪᠤᠭ᠎ᠠ ᠂ ᠦᠵᠦᠮᠴᠢᠨ ᠦ ᠤᠯᠠᠮᠵᠢᠯᠠᠯᠲᠤ ᠪᠥᠮᠪᠥᠭᠡ ᠱᠠᠭᠠᠢ ᠵᠢᠨ ᠨᠠᠭᠠᠳᠤᠭᠠᠢ᠂ ᠦᠵᠦᠮᠦᠴᠢᠨ ᠬᠤᠪᠴᠠᠰᠤ ᠵᠠᠭᠪᠤᠷ ᠪᠣᠯᠤᠨ ᠬᠤᠤᠰ ᠮᠤᠷᠢᠲᠠᠨ ᠰᠢᠯᠭᠠᠷᠠᠭᠤᠯᠳᠠᠭ ᠃ ︽ᠠᠯᠲᠠᠨ ᠳᠥᠷᠦᠭᠡ︾ ᠨᠠᠭᠠᠳᠤᠮ ᠳᠤ ᠤᠯᠠᠭᠠᠨᠪᠠᠭᠠᠲᠤᠷ ᠬᠤᠲᠠ ᠂ ᠰᠦᠬᠡᠪᠠᠭᠠᠲᠤᠷ ᠂ ᠬᠡᠨᠲᠡᠢ ᠪᠣᠯᠤᠨ ᠪᠤᠰᠤᠳ ᠠᠢᠢᠮᠠᠭ ᠂ ᠥᠪᠥᠷ ᠮᠤᠩᠭᠤᠯ ᠤᠨ ᠥᠪᠡᠷᠲᠡᠭᠡᠨ ᠵᠠᠰᠠᠬᠤ ᠣᠷᠤᠨ ᠪ ᠰᠢᠯᠢ ᠵᠢᠨ ᠭᠤᠤᠯ ᠠᠢᠢᠮᠠᠭ ᠂ ᠦᠵᠦᠮᠦᠴᠢᠨ ᠬᠤᠰᠢᠭᠤᠨ ᠪ ᠲᠥᠯᠦᠭᠡᠯᠡᠭᠴᠢᠳ ᠵᠤᠷᠢᠵᠤ ᠢᠷᠠᠵᠤ ᠣᠷᠤᠯᠴᠠᠳᠠᠭ ᠤᠯᠠᠮᠵᠢᠯᠠᠯ ᠲᠠᠢ ᠃