ᠨᠡᠢᠢᠰᠯᠡᠯ ᠦᠨ ᠪᠠᠶᠠᠩᠭᠤᠤᠯ ᠲᠡᠭᠦᠷᠭᠡ ᠵᠢᠨ 93 ᠳ᠋ᠤᠭᠠᠷ ᠰᠤᠷᠭᠠᠭᠤᠯᠢ ᠵᠢᠨ 6A ᠠᠩᠭᠢ ᠵᠢᠨ ᠰᠤᠷᠤᠭᠴᠢ ︽ᠰᠢᠨ᠎ᠡ ᠦᠶ᠎ᠡ︾ ᠬᠠᠮᠲᠤᠯᠢᠭ ᠦᠨ ᠪᠥᠵᠢᠭᠴᠢᠨ ᠡ᠊·ᠮᠦᠰᠢᠶᠡᠯ 2017 ᠂ 2018 ᠣᠨ ᠳᠤ ︽ᠬᠠᠷᠢᠶᠠᠴᠠᠢ︾ ᠪᠥᠵᠢᠭ ᠦᠨ ᠲᠡᠮᠡᠴᠡᠭᠡᠨ ᠳ᠋ᠦ ᠣᠷᠤᠯᠴᠠᠵᠤ ᠂ ᠮᠥᠩᠭᠥᠨ ᠮᠧᠳᠠᠯ ᠤᠯᠵᠤ ᠪᠠᠢᠢᠪᠠ ᠃ ᠲᠡᠭᠡᠪᠡᠯ ᠡᠨᠡ ᠵᠢᠯ ᠠᠮᠧᠷᠢᠺᠠ ᠳᠤ ᠵᠤᠬᠢᠶᠠᠨ ᠪᠠᠢᠢᠭᠤᠯᠤᠭᠰᠠᠨ ᠬᠥᠭᠵᠢᠭᠡᠨ ᠳᠡᠮᠵᠢᠭᠴᠢᠳ ᠦᠨ ᠪᠥᠵᠢᠭ ᠦᠨ ᠳᠡᠯᠡᠬᠡᠢ ᠵᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳ᠋ᠦ ᠣᠷᠤᠯᠴᠠᠨ ᠂ ᠪᠠᠭ᠎ᠠ ᠨᠠᠰᠤᠨ ᠪ ᠠᠩᠭᠢᠯᠠᠯ ᠳ᠋ᠤ ᠲᠡᠷᠢᠭᠦᠯᠡᠵᠦ ᠂ ᠪᠦᠬᠦ ᠨᠠᠰᠤᠨ ᠪ ᠠᠩᠭᠢᠯᠠᠯ ᠳ᠋ᠤ ᠬᠤᠶᠠᠳᠤᠭᠠᠷ ᠪᠠᠢᠢᠷᠢ ᠳᠤ ᠰᠢᠯᠭᠠᠷᠠᠵᠤ ᠂ ᠡᠬᠡ ᠣᠷᠤᠨ ᠪ ᠪᠠᠨ ᠨᠡᠷ᠎ᠡ ᠵᠢ ᠥᠨᠳᠦᠷ ᠲᠦ ᠭᠠᠷᠭᠠᠭᠰᠠᠨ ᠪᠢᠯᠡ ᠃
ᠲᠡᠷᠡ ᠪᠡᠷ ᠄ ᠮᠠᠨ ᠪ ᠬᠠᠮᠲᠤᠯᠢᠭ ᠬᠥᠭᠵᠢᠭᠡᠨ ᠳᠡᠮᠵᠢᠭᠴᠢᠳ ᠦᠨ ᠪᠥᠵᠢᠭ ᠦᠨ ᠤᠯᠤᠰ ᠦᠨ ᠠᠪᠤᠷᠭᠤ ᠰᠢᠯᠭᠠᠷᠠᠭᠤᠯᠬᠤ ᠲᠡᠮᠡᠴᠡᠭᠡᠨ ᠳ᠋ᠤ 2019 ᠣᠨ ᠳᠤ ᠪᠠᠭ᠎ᠠ ᠨᠠᠰᠤᠨ ᠪ ᠲᠥᠷᠦᠯ ᠳ᠋ᠦ ᠲᠦᠷᠦᠭᠦᠯᠡᠵᠦ ᠂ ᠠᠮᠧᠷᠢᠺᠠ ᠤᠷᠤᠭᠤ ᠶᠠᠪᠤᠬᠤ ᠡᠷᠬᠡ ᠠᠪᠤᠭᠰᠠᠨ ᠶᠤᠮ ᠃ ᠮᠤᠩᠭᠤᠯ ᠳᠤ ᠪᠠᠢᠢᠬᠤ ᠳ᠋ᠤ ᠪᠠᠨ ᠪᠡᠯᠡᠳᠬᠡᠯ ᠵᠢᠨᠨ ᠡᠳᠦᠷ ᠪᠦᠷᠢ ᠪᠠᠵᠠᠭᠠᠳᠠᠭ ᠪᠠᠢᠢᠯ᠎ᠠ᠃ ᠳᠡᠯᠡᠬᠡᠢ ᠵᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠪ ᠡᠮᠦᠨᠡᠬᠢ ᠡᠳᠦᠷ ᠲᠠᠢᠢᠰᠠᠨ ᠳᠡᠭᠡᠷ᠎ᠡ ᠪᠡᠯᠡᠳᠬᠡᠯ ᠬᠢᠬᠦ ᠳ᠋ᠦ ᠪᠡᠨ ᠰᠢᠭᠦᠭᠴᠢᠳ ᠡᠴᠡ ᠪᠠᠭ᠎ᠠ ᠦᠭᠡᠢ ᠰᠢᠭᠦᠮᠵᠢᠯᠡᠯ ᠰᠤᠨᠤᠰᠤᠭᠰᠠᠨ ᠶᠤᠮ ᠃ ᠪᠢᠳᠠ ᠵᠥᠪᠯᠡᠯᠳᠦᠨ ᠠᠯᠢ ᠪᠣᠯᠬᠤ ᠠᠯᠳᠠᠭ᠎ᠠ ᠭᠠᠷᠭᠠᠬᠤ ᠦᠭᠡᠢ ᠪᠠᠢᠢᠬᠤ ᠲᠤᠬᠠᠢ ᠶᠠᠷᠢᠯᠴᠠᠭᠰᠠᠨ ᠃ ᠥᠷᠢᠰᠦᠯᠳᠦᠭᠴᠢ ᠪᠠᠭ ᠦᠨ ᠬᠢᠨ ᠬᠦᠴᠦᠲᠡᠢ ᠭᠡᠳᠡᠭ ᠵᠢᠨᠨ ᠣᠯᠠᠨ ᠵᠦᠢᠯ ᠵᠢᠨᠷ ᠬᠠᠷᠠᠭᠤᠯᠵᠤ ᠪᠠᠢᠢᠪᠠ ᠃ ᠲᠡᠳᠡᠨ ᠪ ᠨᠢᠭᠤᠷ ᠦᠨ ᠬᠤᠪᠢᠷᠠᠯ ᠂ ᠪᠥᠵᠢᠭ ᠦᠨ ᠬᠥᠳᠡᠯᠭᠡᠭᠡᠨ ᠪ ᠲᠧᠭᠨᠢᠭ ᠰᠠᠢᠢᠨ ᠲᠤᠯᠠ ᠡᠬᠢᠨ ᠳ᠋ᠦ ᠪᠡᠨ ᠰᠦᠷᠳᠡᠭᠰᠡᠨ ᠃ ᠲᠠᠢᠢᠰᠠᠨ ᠳᠡᠭᠡᠷ᠎ᠡ ᠭᠠᠷᠬᠤ ᠵᠢᠨ ᠡᠮᠦᠨ᠎ᠡ ᠰᠠᠨᠳᠤᠷᠤᠭᠰᠠᠨ ᠴᠦ ᠭᠡᠯᠡ ᠥᠪᠡᠷᠰᠡᠳ ᠦᠨ ᠤᠷᠢᠶ᠎ᠠ ᠪᠠᠨ ᠬᠡᠯᠡᠵᠦ ᠂ ᠤᠷᠮ᠎ᠠ ᠣᠷᠤᠭᠰᠠᠨ ᠃ ᠪᠢᠳᠠ ᠠᠩᠭᠯᠢ ᠬᠡᠯᠡ ᠪᠡᠷ ᠶᠠᠷᠢᠵᠤ ᠴᠢᠳᠠᠬᠤ ᠦᠭᠡᠢ ᠴᠦ ᠲᠡᠮᠡᠴᠡᠭᠡᠨ ᠪ ᠦᠢᠯᠡ ᠶᠠᠪᠤᠴᠠ ᠵᠢᠨ ᠲᠠᠢᠢᠯᠪᠤᠷᠢ ᠵᠢ ᠶᠡᠷᠦᠩᠬᠡᠢ ᠳ᠋ᠦ ᠨᠢ ᠣᠢᠢᠯᠠᠭᠠᠵᠤ ᠪᠠᠢᠢᠯ᠎ᠠ ᠃ ᠱᠠᠩᠨᠠᠯ ᠭᠠᠷᠳᠠᠭᠤᠯᠬᠤ ᠳ᠋ᠤ ︽Mongolia︾ ᠭᠡᠵᠦ ᠲᠦᠷᠦᠭᠦᠯᠡᠵᠦ ᠳᠠᠭᠤᠳᠠᠭᠰᠠᠨ ᠪᠣᠯᠬᠤᠷ ᠲᠤᠰᠬᠠᠢ ᠪᠠᠢᠢᠷᠢ ᠳᠤ ᠰᠢᠯᠭᠠᠷᠠᠵᠠᠢ ᠭᠡᠵᠦ ᠪᠣᠳᠤᠭᠰᠠᠨ᠃ ᠬᠤᠯᠪᠣᠭᠠᠨ ᠪ ᠪᠠᠨ ᠡᠭᠡᠴᠢ ᠡᠴᠡ ᠠᠰᠠᠭᠤᠲᠠᠯ᠎ᠠ ︽ᠲᠠ ᠨᠠᠷᠠ ᠲᠦᠷᠦᠭᠦᠯᠡᠴᠢᠬᠡᠯᠡ ᠰᠢᠦ ᠳ᠋ᠡ︾ ᠭᠡᠵᠦ ᠬᠡᠯᠡᠬᠦ ᠳ᠋ᠦ ᠮᠠᠰᠢ ᠶᠡᠬᠡ ᠪᠠᠶᠠᠷᠯᠠᠭᠰᠠᠨ ᠃ ᠪᠢᠳᠠ ᠪᠥᠵᠢᠭ ᠦᠨ ᠲᠠᠢᠢᠰᠠᠨ ᠳᠡᠭᠡᠷ᠎ᠡ ᠥᠷᠢᠰᠦᠯᠳᠦᠭᠴᠢ ᠪᠡᠨ ᠢᠯᠠᠯ᠎ᠠ ᠭᠡᠪᠡ ᠃