ᠬᠥᠪᠰᠦᠬᠥᠯ ᠠᠢᠢᠮᠠᠭ ᠤᠨ ᠤᠳᠤᠷᠢᠳᠤᠯᠭ᠎ᠠ ᠢᠷᠡᠬᠦ 3 ᠳ᠋ᠤᠭᠠᠷ ᠰᠠᠷ᠎ᠠ ᠵᠢᠨ 3 – 4 ᠳ᠋ᠦ ᠬᠥᠪᠰᠦᠬᠥᠯ ᠳᠠᠯᠠᠢ ᠵᠢᠨ ᠡᠷᠭᠢ ᠳ᠋ᠦ ᠪᠣᠯᠬᠤ ︽ᠬᠥᠬᠡ ᠰᠤᠪᠤᠳ︾ ᠮᠥᠰᠦᠨ ᠪ ᠪᠠᠶᠠᠷ ᠢ ᠡᠨᠡ ᠵᠢᠯ ᠦᠨᠵᠢᠭᠦᠯᠬᠦ ᠰᠠᠨᠠᠯ ᠭᠠᠷᠭᠠᠵᠠᠢ ᠃
ᠬᠥᠪᠰᠦᠬᠥᠯ ᠠᠢᠢᠮᠠᠭ ᠲᠤ ᠰᠢᠨ᠎ᠡ ᠺᠣᠷᠤᠨᠠ ᠸᠢᠷᠦ᠋ᠰ ᠦᠨ ᠰᠡᠵᠢᠭᠲᠡᠢ ᠲᠤᠬᠢᠶᠠᠯᠳᠤᠯ ᠪᠦᠷᠢᠳᠬᠡᠭᠳᠡᠭᠰᠡᠨ ᠲᠤᠯᠠ ᠠᠢᠢᠮᠠᠭ ᠤᠨ ᠣᠨᠴᠠᠭᠠᠢ ᠺᠣᠮᠢᠰ ᠡᠴᠠ ᠮᠥᠰᠦᠨ ᠪ ᠪᠠᠶᠠᠷ ᠢ ᠡᠨᠡ ᠤᠳᠠᠭ᠎ᠠ ᠵᠤᠬᠢᠶᠠᠨ ᠪᠠᠢᠢᠭᠤᠯᠬᠤ ᠦᠭᠡᠢ ᠪᠠᠢᠢᠬᠤ ᠰᠠᠨᠠᠯ ᠢ ᠪᠠᠶᠢᠭᠠᠯᠢ ᠤᠷᠴᠢᠨ ᠠᠶᠠᠯᠠᠯ ᠵᠢᠭᠤᠯᠴᠢᠯᠠᠯ ᠤᠨ ᠶᠠᠮᠤᠨ ᠳ᠋ᠦ ᠤᠯᠠᠮᠵᠢᠯᠠᠭᠠᠳ ᠪᠠᠢᠢᠨ᠎ᠠ᠃
ᠵᠢᠯ ᠪᠦᠷᠢ ᠤᠯᠠᠮᠵᠢᠯᠠᠯ ᠪᠣᠯᠭᠠᠨ ᠵᠤᠬᠢᠶᠠᠨ ᠪᠠᠢᠢᠭᠤᠯᠳᠠᠭ ︽ᠬᠥᠬᠡ ᠰᠤᠪᠤᠳ︾ ᠮᠥᠰᠦᠨ ᠪ ᠪᠠᠶᠠᠷ ᠢ 2000 ᠣᠨ ᠡᠴᠠ ᠡᠬᠢᠯᠡᠭᠰᠡᠨ ᠶᠤᠮ ᠃ ᠥᠩᠭᠡᠷᠡᠭᠰᠡᠨ ᠵᠢᠯ ᠪᠣᠯᠤᠭᠰᠠᠨ ︽ ᠬᠥᠬᠡ ᠰᠤᠪᠤᠳ – 2019︾ ᠮᠥᠰᠦᠨ ᠪ ᠪᠠᠶᠠᠷ ᠲᠤ 3000 ᠣᠷᠴᠢᠮ ᠲᠡᠭᠡᠭᠡᠪᠦᠷᠢ ᠵᠢᠨ ᠬᠡᠷᠡᠭᠰᠡᠯ᠂ ᠭᠠᠳᠠᠭᠠᠳᠤ ᠳᠤᠲᠤᠭᠠᠳᠤ ᠵᠢᠨ 20000 ᠣᠷᠴᠢᠮ ᠬᠥᠮᠦᠨ ᠣᠷᠤᠯᠴᠠᠭᠰᠠᠨ ᠪᠠᠢᠢᠨ᠎ᠠ ᠃