ᠬᠦᠨᠡᠰᠦ ᠂ ᠬᠥᠳᠡᠭᠡ ᠠᠵᠤ ᠠᠬᠤᠢ ᠂ ᠬᠥᠩᠭᠡᠨ ᠦᠢᠯᠡᠳᠪᠦᠷᠢ ᠵᠢᠨ ᠰᠠᠢᠢᠳ ᠴ᠊·ᠤᠯᠠᠭᠠᠨ ᠂ ᠪᠦᠭᠦᠳᠡ ᠨᠠᠢᠢᠷᠠᠮᠳᠠᠬᠤ ᠡᠨᠡᠳᠬᠡᠭ ᠤᠯᠤᠰ ᠡᠴᠠ ᠮᠤᠩᠭᠤᠯ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠮ᠂ ᠰᠢᠩᠾ ᠲᠠᠢ ᠠᠭᠤᠯᠵᠠᠵᠤ ᠂ ᠶᠡᠷᠦᠩᠬᠡᠢᠢᠯᠡᠭᠴᠢ ᠵᠢᠨ ᠲᠤᠰ ᠤᠯᠤᠰ ᠲᠤ ᠬᠢᠭᠰᠡᠨ ᠠᠢᠢᠯᠴᠢᠯᠠᠯ ᠤᠨ ᠦᠶ᠎ᠡ ᠪᠡᠷ ᠪᠠᠢᠢᠭᠤᠯᠤᠭᠰᠠᠨ ︽ᠮᠠᠯ ᠤᠨ ᠡᠮᠨᠡᠯᠭᠡ ᠂ ᠰᠦ᠂ ᠰᠦᠨ ᠪᠦᠲᠦᠭᠡᠭᠳᠡᠬᠦᠨ ᠪ ᠰᠠᠯᠪᠤᠷᠢ ᠳᠦ ᠬᠠᠮᠲᠤᠷᠠᠨ ᠠᠵᠢᠯᠯᠠᠬᠤ ᠲᠤᠬᠠᠢ ᠠᠵᠢᠯ ᠤᠨ ᠲᠥᠯᠦᠪᠯᠡᠭᠡ︾ ᠶᠢᠨ ᠬᠡᠷᠡᠭᠵᠢᠯᠲᠡ ᠪᠣᠯᠤᠨ ᠰᠢᠨ᠎ᠡ ᠪᠡᠷ ᠡᠬᠢᠯᠡᠭᠦᠯᠬᠦ ︽ᠡᠨᠡᠳᠬᠡᠭ ᠮᠤᠩᠭᠤᠯ ᠤᠨ ᠬᠠᠮᠲᠤᠷᠠᠭᠰᠠᠨ ᠰᠦᠨ ᠪ ᠬᠥᠭᠵᠢᠯ ᠤᠨ ᠬᠥᠲᠦᠯᠪᠦᠷᠢ︾ ᠲᠥᠰᠦᠯ ᠤᠨ ᠲᠠᠯ᠎ᠠ ᠪᠡᠷ ᠰᠠᠨᠠᠯ ᠰᠤᠯᠢᠯᠴᠠᠯ᠎ᠠ ᠃
ᠡᠨᠡᠳᠬᠡᠭ ᠤᠯᠤᠰ ᠬᠠᠮᠤᠭ ᠤᠨ ᠲᠤᠮᠣ ᠰᠦ ᠦᠢᠯᠡᠳᠪᠦᠷᠢᠯᠡᠭᠴᠢ ᠤᠯᠤᠰ ᠪᠣᠯᠤᠨ ᠬᠥᠭᠵᠢᠵᠦ ᠂ ᠵᠢᠯ ᠳ᠋ᠦ 175 ᠰᠠᠶ᠎ᠠ ᠲᠤᠨ ᠰᠦ ᠦᠢᠯᠡᠳᠪᠦᠷᠢᠯᠡᠭᠰᠡᠨ ᠵᠢᠨᠷ ᠡᠨᠡ ᠰᠠᠯᠪᠤᠷᠢ ᠳᠦ ᠳᠡᠯᠡᠬᠡᠢ ᠵᠢᠨ ᠵᠠᠬ᠎ᠠ ᠵᠡᠭᠡᠯᠢ ᠵᠢᠨ 21 ᠬᠤᠪᠢ ᠵᠢ ᠡᠵᠡᠯᠡᠵᠦ ᠪᠠᠢᠢᠨ᠎ᠠ ᠃ ᠰᠦᠨ ᠪ ᠬᠥᠭᠵᠢᠯ ᠤᠨ ᠲᠤᠮᠤᠬᠠᠨ ᠬᠥᠲᠦᠯᠪᠦᠷᠢ ᠵᠢ 1970 ᠣᠨ ᠡᠴᠠ ᠡᠬᠢᠯᠡᠨ ᠬᠡᠷᠡᠭᠵᠢᠭᠦᠯᠵᠦ ᠂ ᠣᠷᠤᠨ ᠨᠤᠲᠤᠭ ᠤᠨ ᠵᠢᠵᠢᠭ ᠦᠢᠯᠡᠳᠪᠤᠷᠢᠯᠡᠭᠴᠢ ᠠᠴᠠ ᠬᠤᠲᠠ ᠵᠢᠨ ᠬᠡᠷᠡᠭᠯᠡᠭᠴᠢ ᠬᠦᠷᠲᠡᠯᠡᠬᠢ ᠪᠦᠬᠦᠢᠢᠯᠡ ᠱᠠᠲᠤ ᠳᠠᠮᠵᠢᠯᠭ᠎ᠠ ᠵᠢ ᠤᠶᠠᠯᠳᠤᠭ᠎ᠠ ᠲᠠᠢ ᠬᠥᠭᠵᠢᠭᠦᠯᠵᠦ ᠂ ᠬᠠᠩᠭᠠᠨ ᠨᠡᠢᠢᠯᠡᠭᠦᠯᠦᠯᠲᠡ ᠵᠢᠨ ᠲᠤᠭᠲᠠᠪᠤᠷᠢᠲᠠᠢ ᠲᠤᠭᠲᠠᠯᠴᠠᠭ᠎ᠠ ᠵᠢ ᠪᠤᠢ ᠪᠣᠯᠭᠠᠭᠰᠠᠨ ᠶᠤᠮ ᠃ ᠡᠨᠡ ᠬᠦ ᠲᠤᠷᠰᠢᠯᠭ᠎ᠠ ᠵᠢ ᠮᠤᠩᠭᠤᠯ ᠳᠤ ᠨᠡᠪᠲᠡᠷᠡᠭᠦᠯᠬᠦ ᠳ᠋ᠦ ᠬᠠᠮᠲᠤᠷᠠᠨ ᠠᠵᠢᠯᠯᠠᠵᠤ ᠂ ︽ ᠡᠨᠡᠳᠬᠡᠭ᠂ ᠮᠤᠩᠭᠤᠯ ᠤᠨ ᠬᠠᠮᠲᠤᠷᠠᠭᠰᠠᠨ ᠰᠦᠨ ᠪ ᠬᠥᠭᠵᠢᠯ ᠤᠨ ᠬᠥᠲᠦᠯᠪᠦᠷᠢ ︾ ᠲᠥᠰᠦᠯ ᠢ ᠡᠨᠡ ᠣᠨ ᠪ ᠳᠥᠷᠪᠡᠳᠦᠭᠡᠷ ᠰᠠᠷ᠎ᠠ ᠡᠴᠠ ᠬᠡᠷᠡᠭᠵᠢᠭᠦᠯᠬᠦ ᠪᠡᠷ ᠪᠣᠯᠤᠯ᠎ᠠ ᠃