ᠣᠯᠠᠨ ᠤᠯᠤᠰ ᠤᠨ ᠣᠯᠢᠮᠫᠢᠺ ᠤᠨ ᠬᠤᠷᠢᠶ᠎ᠠ ᠡᠴᠠ ᠲᠠᠮᠢᠷᠴᠢᠳ ᠤᠨ ᠡᠷᠡᠭᠦᠯ ᠮᠡᠨᠳᠦ ᠂ ᠠᠶᠤᠯᠭᠦᠢ ᠪᠠᠢᠢᠳᠠᠯ ᠤᠨ ᠡᠭᠦᠳᠡᠨ ᠡᠴᠡ ᠬᠢᠲᠠᠳ ᠲᠤ ᠵᠤᠬᠢᠶᠠᠨ ᠪᠠᠢᠢᠭᠤᠯᠬᠤ ᠪᠠᠢᠢᠭᠰᠠᠨ ᠠᠯᠢᠪᠠ ᠲᠡᠮᠡᠴᠡᠭᠡᠨ ᠤᠷᠤᠯᠳᠤᠭᠠᠨ ᠢ ᠲᠤᠳᠤᠷᠬᠠᠢ ᠦᠭᠡᠢ ᠬᠤᠭᠤᠴᠠᠭ᠎ᠠ ᠪᠡᠷ ᠬᠤᠢᠢᠰᠢᠯᠠᠭᠤᠯᠬᠤ ᠂ ᠥᠭᠡᠷ᠎ᠡ ᠤᠯᠤᠰ ᠲᠤ ᠰᠢᠯᠵᠢᠭᠦᠯᠬᠦ ᠵᠥᠪᠯᠡᠮᠵᠢ ᠭᠠᠷᠭᠠᠭᠰᠠᠨ ᠶᠤᠮ ᠃
ᠬᠢᠲᠠᠳ ᠤᠨ ᠰᠫᠣᠷᠲ ᠤᠨ ᠶᠠᠮᠤᠨ ᠡᠴᠠ ᠺᠤᠷᠤᠨᠠ ᠸᠢᠷᠦ᠋ᠰ ᠦᠨ ᠲᠠᠷᠬᠠᠯᠲᠠ ᠡᠴᠠ ᠰᠢᠯᠲᠠᠭᠠᠯᠠᠨ ᠡᠨᠡ ᠣᠨ ᠪ ᠳᠥᠷᠪᠡᠳᠦᠭᠡᠷ ᠰᠠᠷ᠎ᠠ ᠬᠦᠷᠲᠡᠯ᠎ᠡ ᠬᠢᠲᠠᠳ ᠤᠨ ᠨᠤᠲᠤᠭ ᠳᠡᠪᠢᠰᠬᠡᠷ ᠳᠡᠭᠡᠷ᠎ᠡ ᠠᠯᠢᠪᠠ ᠤᠷᠤᠯᠳᠤᠭᠠᠨ ᠲᠡᠮᠡᠴᠡᠭᠡᠨ ᠵᠤᠬᠢᠶᠠᠨ ᠪᠠᠢᠢᠭᠤᠯᠬᠤ ᠵᠢ ᠬᠤᠷᠢᠭᠯᠠᠬᠤ ᠰᠢᠢᠳᠪᠦᠷᠢ ᠭᠠᠷᠭᠠᠭᠰᠠᠨ ᠃ ᠲᠤᠳᠤᠷᠠᠭᠤᠯᠪᠠᠯ ᠂ ︽ ᠲᠤᠤᠺᠢᠣ᠋ 2020 ︾ ᠣᠯᠢᠮᠫᠢᠺ ᠤᠨ ᠨᠠᠭᠠᠳᠤᠮ ᠤᠨ ᠠᠽᠢᠶ᠎ᠠ ᠨᠤᠮᠤᠬᠠᠨ ᠳᠠᠯᠠᠢ ᠵᠢᠨ ᠪᠦᠰᠡ ᠵᠢᠨ ᠡᠷᠬᠡ ᠵᠢᠨ ᠲᠥᠯᠦᠭᠡᠬᠢ ᠪᠣᠺᠰ ᠤᠨ ᠲᠡᠮᠡᠴᠡᠭᠡᠨ 2 ᠳ᠋ᠤᠭᠠᠷ ᠰᠠᠷ᠎ᠠ ᠵᠢᠨ 3 – 14 ᠳ᠋ᠦ ᠦᠬᠠᠨ ᠬᠤᠲᠠᠨ᠎ᠠ ᠪᠣᠯᠬᠤ ᠪᠠᠢᠢᠭᠰᠠᠨ ᠢ ᠴᠤᠴᠠᠯᠠᠵᠤ ᠂ ᠭᠤᠷᠪᠠᠳᠤᠭᠠᠷ ᠰᠠᠷ᠎ᠠ ᠳᠤ ᠶᠤᠷᠳᠠᠨ ᠤ ᠠᠮᠮᠠᠨ ᠬᠤᠲᠠᠨ᠎ᠠ ᠶᠠᠪᠤᠭᠤᠯᠬᠤ ᠪᠡᠷ ᠪᠣᠯ ᠡᠮᠡᠭᠲᠡᠢᠢᠴᠦᠳ ᠤᠨ ᠬᠥᠯ ᠪᠥᠮᠪᠥᠭᠡ ᠵᠢᠨ ᠣᠯᠢᠮᠫᠢᠺ ᠤᠨ ᠡᠷᠬᠡ ᠵᠢᠨ ᠲᠥᠯᠦᠭᠡᠬᠢ ᠲᠡᠮᠡᠴᠡᠭᠡᠨ ᠢ ᠴᠦ ᠴᠤᠴᠠᠯᠠᠭᠰᠠᠨ ᠃ ᠴᠢᠯᠦᠭᠡᠲᠦ ᠪᠥᠬᠡ ᠵᠢᠨ ᠠᠽᠢᠶ᠎ᠠ ᠲᠢᠪ ᠤᠨ ᠲᠠᠮᠢᠷᠴᠢᠳ ᠲᠤ ᠤᠯᠢᠮᠫᠢᠺ ᠤᠨ ᠡᠷᠬᠡ ᠣᠯᠭᠤᠬᠤ ᠲᠡᠮᠡᠴᠡᠭᠡᠨ ᠬᠢᠲᠠᠳ ᠤᠨ ᠰᠢ ᠠᠨ ᠬᠤᠲᠠᠨ᠎ᠠ ᠭᠤᠷᠪᠠᠳᠤᠭᠠᠷ ᠰᠠᠷ᠎ᠠ ᠵᠢᠨ 27 – 29 ᠳ᠋ᠦ ᠵᠤᠬᠢᠶᠠᠨ ᠪᠠᠢᠢᠭᠤᠯᠬᠤ ᠪᠠᠢᠢᠭᠰᠠᠨ ᠴᠦ ᠴᠤᠴᠠᠯᠠᠬᠤ ᠪᠠᠷ ᠪᠣᠯᠪᠠ ᠃