ᠮᠤᠩᠭᠤᠯ ᠤᠯᠤᠰ ᠤᠨ ︽ᠲᠦᠮᠡᠨ ᠲᠤᠷᠭ᠎ᠠ︾ ᠺᠣᠮᠫᠠᠨᠢ ︽ ᠮᠤᠩᠭᠤᠯ ᠪᠢᠴᠢᠭ ᠦᠨ ᠬᠡ ᠲᠠᠢ ᠲᠤᠷᠭᠠᠨ ᠪ ᠵᠠᠭᠪᠤᠷ︾ ᠢᠶᠡᠨ ᠬᠢᠲᠠᠳᠤᠨ ᠣᠶᠤᠨ ᠪ ᠥᠮᠴᠢ ᠵᠢᠨ ᠭᠠᠵᠠᠷ ᠪᠦᠷᠢᠳᠬᠡᠭᠦᠯᠦᠯᠡ᠃ ᠢᠩᠭᠢᠭᠰᠡᠨ ᠵᠢᠨᠷ ᠮᠤᠩᠭᠤᠯ ᠤᠨ ᠪᠦᠲᠦᠭᠡᠭᠳᠡᠬᠦᠨ ᠤᠷᠳᠤ ᠬᠥᠷᠰᠢ ᠵᠢᠨ ᠵᠠᠬ᠎ᠠ ᠵᠡᠭᠡᠯᠢ ᠳ᠋ᠦ ᠣᠶᠤᠨ ᠪ ᠥᠮᠴᠢ ᠵᠢᠨ ᠡᠷᠬᠡ ᠪᠡᠨ ᠬᠡᠷᠡᠭᠵᠢᠭᠦᠯᠬᠦ ᠪᠦᠷᠢᠨ ᠪᠣᠯᠤᠮᠵᠢᠲᠠᠢ ᠪᠣᠯᠵᠤ ᠪᠠᠢᠢᠨ᠎ᠠ ᠃
ᠲᠡᠳᠡ ᠬᠢᠲᠠᠳ ᠲᠠᠬᠢ ᠮᠤᠩᠭᠤᠯ ᠤᠨ ᠦᠨᠳᠦᠰᠦᠨ ᠪ ᠬᠤᠳᠠᠯᠳᠤᠭ᠎ᠠ ᠠᠵᠤ ᠦᠢᠯᠡᠳᠪᠦᠷᠢ ᠵᠢᠨ ᠲᠠᠩᠬᠢᠮ ᠤᠨ ᠬᠠᠷᠢᠯᠴᠠᠭᠴᠢ ᠬᠠᠤᠯᠢ ᠵᠢᠨ ᠹᠷᠸᠮ ᠢᠶᠡᠷ ᠳᠠᠮᠵᠢᠭᠤᠯᠤᠨ ᠲᠤᠰ ᠤᠯᠤᠰ ᠤᠨ ᠣᠶᠤᠨ ᠪ ᠥᠮᠴᠢ ᠵᠢᠨ ᠭᠠᠵᠠᠷ ᠲᠦ ᠪᠦᠷᠢᠳᠬᠡᠭᠦᠯᠦᠭᠰᠡᠨ ᠪᠠᠢᠢᠨ᠎ᠠ᠃ ᠲᠤᠰ ᠺᠣᠮᠫᠠᠨᠢ ᠣᠶᠤᠨ ᠪ ᠥᠮᠴᠢ ᠪᠡᠨ ᠪᠦᠷᠢᠳᠬᠡᠭᠦᠯᠦᠭᠰᠡᠨ ᠵᠢᠨᠷ ᠬᠢᠲᠠᠳ ᠤᠨ ᠵᠠᠬ᠎ᠠ ᠵᠡᠭᠡᠯᠢ ᠳ᠋ᠦ ᠣᠶᠤᠨ ᠪ ᠥᠮᠴᠢ ᠵᠢᠨ ᠡᠷᠬᠡ ᠪᠡᠨ ᠬᠡᠷᠡᠭᠵᠢᠭᠦᠯᠬᠦ ᠂ ᠥᠮᠴᠢ ᠵᠢᠨ ᠡᠷᠬᠡ ᠠᠯᠳᠠᠭᠳᠠᠭᠰᠠᠨ ᠲᠤᠬᠢᠶᠠᠯᠳᠤᠯ ᠳᠦ ᠭᠤᠮᠤᠳᠠᠯ ᠭᠠᠷᠭᠠᠬᠤ ᠂ ᠦᠢᠯᠡᠳᠪᠦᠷᠢᠯᠡᠯ ᠢ ᠵᠤᠭᠰᠤᠭᠠᠯᠭᠠᠬᠤ ᠂ ᠨᠥᠬᠥᠨ ᠲᠥᠯᠦᠪᠦᠷᠢ ᠨᠡᠬᠡᠮᠵᠢᠯᠡᠬᠦ ᠣᠨᠴᠠᠭᠠᠢ ᠡᠷᠬᠡ ᠪᠠᠲᠤᠯᠠᠭᠠᠵᠢᠭᠰᠠᠨ ᠠᠩᠬᠠᠨ ᠪ ᠮᠤᠩᠭᠤᠯ ᠦᠢᠯᠡᠳᠪᠦᠷᠢᠯᠡᠭᠴᠢ ᠪᠣᠯᠵᠤ ᠪᠠᠢᠢᠨ᠎ᠠ ᠃